﹇ᠴᠥᠯᠵᠢᠯᠲᠡ ᠶᠢᠨ ᠵᠠᠰᠠᠯᠲᠠ﹈ ᠡᠵᠡᠨ᠎ᠡ ᠳᠤ 31 ᠲᠦᠮᠡᠨ ᠮᠦ ᠭᠠᠵᠠᠷ ᠢ ᠣᠶᠢᠵᠢᠭᠤᠯᠤᠭᠰᠠᠨ ᠪᠡᠭᠡᠵᠢᠩ ᠤᠨ ᠲᠠᠷᠢᠶᠠᠴᠢᠨ
ᠨᠡᠶᠢᠲᠡᠯᠡᠭᠰᠡᠨ ᠴᠠᠭ᠄
2024/5/15
      ᠯᠢᠦ ᠬᠤᠩ ᠵᠠᠩ      ᠠᠯᠠᠱᠠ ᠠᠶᠢᠮᠠᠭ ᠤᠨ ᠡᠵᠡᠨ᠎ᠡ ᠬᠤᠰᠢᠭᠤᠨ ᠤ ᠬᠤᠤ ᠯᠢᠨ ᠠᠮᠢ ᠠᠬᠤᠢ ᠶᠢᠨ ᠲᠠᠷᠢᠮᠠᠯ ᠤᠨ ᠲᠤᠰᠬᠠᠢ ᠬᠤᠷᠰᠢᠶ᠎ᠠ ᠶᠢᠨ ᠬᠡᠷᠡᠭ ᠡᠷᠭᠢᠯᠡᠭᠴᠢᠳ ᠤᠨ ᠳᠠᠷᠤᠭ᠎ᠠ ᠸᠠᠩ ᠵᠢᠶᠠᠨ ᠭᠠᠩ ᠵᠢᠷᠠ ᠶᠢᠨ ᠳᠠᠪᠠᠭ᠎ᠠ ᠶᠢ ᠳᠠᠪᠠᠭᠰᠠᠨ ᠴᠦ ᠵᠤᠷᠰᠢᠯ ᠶᠣᠰᠣᠭᠠᠷ ᠥᠷᠯᠥᠭᠡ ᠡᠷᠲᠡᠯᠡᠨ ᠪᠣᠰᠴᠤ᠂ ᠠᠵᠢᠯᠴᠢᠳ ᠲᠠᠢ ᠪᠠᠨ ᠬᠠᠮᠲᠤ ᠴᠠᠢ ᠪᠠᠨ ᠤᠤᠭᠤᠵᠤ ᠪᠠᠷᠠᠮᠠᠭᠴᠠ ᠵᠠᠭ ᠤᠨ ᠤᠢ ᠶᠢᠨ ᠲᠠᠷᠢᠮᠠᠯ ᠤᠨ ᠰᠠᠭᠤᠷᠢᠨ ᠳᠠᠭᠠᠨ ᠬᠦᠷᠴᠦ᠂ ᠡᠪᠦᠯ ᠤᠨ ᠬᠦᠢᠲᠡᠨ ᠳᠤ ᠤᠢ ᠮᠣᠳᠣᠨ ᠤ ᠤᠷᠭᠤᠴᠠ ᠶᠢᠨ ᠪᠠᠶᠢᠳᠠᠯ ᠬᠢᠷᠢ ᠵᠡᠷᠭᠡ ᠪᠠᠶᠢᠬᠤ ᠶᠢ ᠪᠠᠶᠢᠴᠠᠭᠠᠨ ᠦᠵᠡᠨ᠎ᠡ᠃            ᠬᠡᠳᠦᠨ ᠲᠦᠮᠡᠨ ᠮᠦ ᠵᠠᠭ ᠤᠨ ᠤᠢ ᠨᠡᠯᠦᠭᠡᠷ ᠶᠡᠭᠡ ᠭᠤᠪᠢ ᠡᠯᠡᠰᠦᠨ ᠳᠤ ᠰᠤᠨᠤᠯᠵᠠᠭᠠᠳ ᠰᠠᠯᠬᠢ ᠬᠠᠯᠬᠠᠯᠠᠨ ᠡᠯᠡᠰᠦ ᠶᠢ ᠲᠣᠭᠲᠠᠪᠤᠷᠢᠵᠢᠭᠤᠯᠬᠤ ᠤᠢ ᠶᠢᠨ ᠪᠦᠰᠡ ᠶᠢ ᠪᠦᠷᠢᠯᠳᠦᠭᠦᠯᠦᠭᠰᠡᠨ ᠪᠠᠶᠢᠨ᠎ᠠ᠃ ᠸᠠᠩ ᠵᠢᠶᠠᠨ ᠭᠠᠩ ᠪᠣᠯ ᠨᠡᠶᠢᠰᠯᠡᠯ ᠪᠡᠭᠡᠵᠢᠩ ᠠᠴᠠ ᠢᠷᠡᠭᠰᠡᠨ ᠲᠠᠷᠢᠶᠠᠴᠢᠨ ᠠᠵᠤ ᠠᠬᠤᠶᠢᠯᠠᠯᠲᠠᠨ ᠶᠤᠮ᠂ ᠲᠡᠷᠡ ᠡᠵᠡᠨ᠎ᠡ ᠶᠢᠨ ᠭᠤᠪᠢ ᠴᠦᠯ  ᠳᠤ ᠡᠯᠡᠰᠦ ᠶᠢ ᠵᠠᠰᠠᠵᠤ ᠣᠶᠢᠵᠢᠭᠤᠯᠬᠤ ᠠᠵᠢᠯ ᠢ 8 ᠵᠢᠯ ᠪᠠᠲᠤ ᠰᠠᠬᠢᠨ᠂ ᠤᠷᠢᠳ ᠬᠤᠵᠢᠳ ᠳ᠋ᠦᠩᠰᠢᠭᠤᠷ ᠭᠠᠷᠤᠢ ᠲᠥᠭᠦᠷᠢᠭ ᠤᠨ ᠪᠡᠯᠡ ᠣᠷᠣᠭᠤᠯᠵᠤ᠂ ᠨᠡᠶᠢᠲᠡ 31 ᠲᠦᠮᠡᠨ ᠮᠦ ᠭᠠᠵᠠᠷ ᠲᠤ ᠮᠣᠳᠣ ᠳᠠᠷᠢᠵᠤ ᠣᠶᠢᠵᠢᠭᠤᠯᠪᠠ᠃            ᠸᠠᠩ ᠵᠢᠶᠠᠨ ᠭᠠᠩ ᠪᠣᠯ ᠪᠡᠭᠡᠵᠢᠩ ᠤᠨ ᠲᠡᠭᠦᠷᠭᠡ ᠳᠤ ᠳᠦᠷᠦᠵᠦ ᠥᠰᠦᠭᠰᠡᠨ ᠲᠠᠷᠢᠶᠠᠴᠢᠨ ᠪᠣᠯᠣᠨ᠎ᠠ᠃ ᠳᠡᠭᠡᠷ᠎ᠡ ᠵᠠᠭᠤᠨ ᠤ ᠨᠠᠶᠠᠭᠠᠳ ᠣᠨ ᠤ ᠡᠬᠢ ᠪᠠᠷ᠂ ᠥᠭᠡᠷᠡᠴᠢᠯᠡᠯᠲᠡ ᠨᠡᠭᠡᠭᠡᠯᠲᠡ ᠶᠢᠨ ᠶᠡᠭᠡ ᠤᠷᠤᠰᠬᠠᠯ ᠳᠤ ᠲᠡᠷᠡ ᠬᠤᠭᠤᠰᠤᠨ ᠭᠠᠷ ᠬᠤᠶᠠᠷ ᠨᠢᠳᠤᠷᠭ᠎ᠠ ᠪᠠᠷ ᠢᠶᠠᠨ ᠦᠢᠯᠡᠰ ᠪᠣᠰᠬᠠᠵᠤ᠂ ᠴᠢᠬᠢ ᠮᠣᠳᠣ ᠲᠠᠷᠢᠬᠤ ᠳᠤ ᠲᠦᠰᠢᠭᠯᠡᠨ ᠪᠠᠶᠠᠵᠢᠯ ᠤᠨ ᠵᠠᠮ ᠢᠶᠠᠷ ᠵᠠᠮᠨᠠᠵᠠᠢ᠃ ︽ᠪᠢ ᠬᠡᠳᠦᠶᠢᠪᠡᠷ ᠴᠢᠬᠢ ᠮᠣᠳᠣ ᠳᠠᠷᠢᠭᠰᠠᠭᠠᠷ ᠢᠷᠡᠭᠰᠡᠨ ᠪᠤᠯᠪᠠᠴᠤ ᠠᠮᠢ ᠠᠬᠤᠢ ᠣᠷᠴᠢᠨ ᠲᠣᠭᠤᠷᠢᠨ ᠬᠠᠮᠤᠭ ᠤᠨ ᠬᠡᠪᠡᠷᠡᠭ ᠪᠠᠭᠤᠷᠠᠢ ᠭᠠᠵᠠᠷ ᠲᠤ ᠬᠦᠷᠴᠦ ᠮᠣᠳᠣ ᠲᠠᠷᠢᠵᠦ ᠠᠮᠢ ᠠᠬᠤᠢ ᠶᠢ ᠰᠠᠶᠢᠵᠢᠷᠠᠭᠤᠯᠬᠤ ᠬᠦᠰᠡᠯ ᠲᠠᠢ ᠪᠠᠶᠢᠭᠰᠠᠨ ᠶᠤᠮ︾ ᠭᠡᠵᠦ ᠸᠠᠩ ᠵᠢᠶᠠᠨ ᠭᠠᠩ ᠬᠡᠯᠡᠨ᠎ᠡ᠃ 2015 ᠣᠨ ᠤ ᠵᠤᠨ ᠤ ᠡᠬᠢ ᠪᠠᠷ 52 ᠨᠠᠰᠤᠲᠠᠢ ᠸᠠᠩ ᠵᠢᠶᠠᠨ ᠭᠠᠩ ᠡᠵᠡᠨ᠎ᠡ ᠬᠤᠰᠢᠭᠤᠨ ᠳᠤ ᠢᠷᠡᠵᠤ᠂ ᠠᠳᠡᠬᠢ ᠭᠠᠵᠠᠷ ᠠᠭᠤᠳᠠᠮ ᠬᠥᠮᠥᠨ ᠴᠥᠭᠡᠨ᠂ ᠭᠠᠩ ᠬᠠᠭᠤᠷᠠᠢ ᠪᠣᠷᠣᠭᠠᠨ ᠴᠥᠭᠡᠨ᠂ ᠠᠮᠢ ᠠᠬᠤᠢ ᠣᠷᠴᠢᠨ ᠲᠣᠭᠤᠷᠢᠨ ᠬᠡᠪᠡᠷᠡᠭ ᠪᠠᠶᠢᠬᠤ ᠶᠢ ᠦᠵᠡᠭᠡᠳ ᠡᠵᠡᠨ᠎ᠡ ᠳᠤ ᠮᠣᠳᠣ ᠲᠠᠷᠢᠵᠤ ᠣᠶᠢᠵᠢᠭᠤᠯᠬᠤ ᠪᠠᠷ ᠵᠣᠷᠢᠭ ᠰᠢᠭᠤᠳᠴᠠᠢ᠃            2015 ᠣᠨ ᠤ 8 ᠰᠠᠷ᠎ᠠ ᠳᠤ ᠸᠠᠩ ᠵᠢᠶᠠᠨ ᠭᠠᠩ ᠪᠡᠭᠡᠵᠢᠩ ᠤᠨ ᠠᠮᠤᠷ ᠰᠡᠯᠡᠭᠦᠦ ᠠᠮᠢᠳᠤᠷᠠᠯ ᠢᠶᠠᠨ ᠲᠠᠶᠠᠭᠳᠠᠵᠤ᠂ ᠮᠠᠰᠢᠨ ᠲᠡᠷᠭᠡ᠂ ᠲᠤᠨᠤᠭ ᠲᠥᠬᠦᠭᠡᠷᠦᠮᠵᠢ ᠪᠣᠯᠣᠨ ᠠᠵᠢᠯᠴᠢᠳ ᠢᠶᠠᠨ ᠳᠠᠭᠠᠭᠤᠯᠤᠨ ᠡᠵᠡᠨ᠎ᠡ ᠬᠤᠰᠢᠭᠤᠨ ᠳᠤ ᠢᠷᠡᠪᠡ᠃ ᠲᠤᠬᠠᠢ ᠶᠢᠨ ᠵᠢᠯ ᠳᠤ ᠲᠡᠷᠡ 1300 ᠭᠠᠷᠤᠢ ᠲᠦᠮᠡᠨ ᠲᠥᠭᠦᠷᠢᠭ ᠤᠨ ᠪᠡᠯᠡ ᠣᠷᠣᠭᠤᠯᠵᠤ ᠡᠵᠡᠨ᠎ᠡ ᠬᠤᠰᠢᠭᠤᠨ ᠤ ᠳ᠋ᠦᠩ ᠹᠧᠩ ᠪᠠᠯᠭᠠᠰᠤᠨ ᠳᠤ 5.2 ᠲᠦᠮᠡ ᠭᠠᠷᠤᠢ ᠮᠦ ᠡᠵᠡᠭᠦᠢ ᠭᠤᠪᠢ ᠶᠢ ᠳᠠᠭᠠᠭᠠᠴᠢᠯᠠᠵᠤ ᠠᠪᠤᠭᠰᠠᠨ ᠮᠥᠷᠲᠡᠭᠡᠨ ᠡᠵᠡᠨ᠎ᠡ ᠬᠤᠰᠢᠭᠤᠨ ᠤ ᠬᠤᠤ ᠯᠢᠨ ᠤ ᠠᠮᠢ ᠠᠬᠤᠢ ᠶᠢᠨ ᠲᠠᠷᠢᠮᠠᠯ ᠤᠨ ᠲᠤᠰᠬᠠᠢ ᠬᠤᠷᠰᠢᠶ᠎ᠠ ᠶᠢ ᠪᠠᠶᠢᠭᠤᠯᠵᠤ᠂ ᠨᠡᠯᠦᠭᠡᠷ ᠶᠡᠭᠡ ᠡᠯᠡᠰᠦᠨ ᠴᠦᠯ ᠭᠤᠪᠢ ᠭᠠᠵᠠᠷ ᠲᠤ ᠵᠠᠭ ᠲᠠᠷᠢᠵᠤ ᠰᠠᠯᠬᠢ  ᠶᠢ ᠬᠠᠯᠬᠠᠯᠠᠨ ᠡᠯᠡᠰᠦ ᠶᠢ ᠲᠣᠭᠲᠠᠪᠤᠷᠢᠵᠢᠭᠤᠯᠬᠤ ᠬᠠᠲᠠᠭᠤᠵᠢᠯᠲᠠᠢ ᠠᠶᠠᠨ ᠢᠶᠠᠨ ᠡᠯᠭᠦᠭᠰᠡᠨ ᠶᠤᠮ᠃            ᠲᠡᠷᠡ ᠬᠡᠰᠡᠭ ᠬᠤᠭᠤᠴᠠᠭᠠᠨ ᠳᠤ ᠸᠠᠩ ᠵᠢᠶᠠᠨ ᠭᠠᠩ ᠠᠵᠢᠯᠴᠢᠳ ᠲᠠᠢ ᠪᠠᠨ ᠡᠳᠦᠷ ᠨᠢ ᠰᠢᠲᠠᠮ᠎ᠠ ᠬᠠᠯᠠᠭᠤᠨ  ᠳᠤ ᠨᠦᠬᠡ ᠤᠬᠤᠨ ᠵᠠᠭ ᠲᠠᠷᠢᠵᠤ᠂ ᠰᠥᠨᠢ ᠳᠡᠭᠡᠨ ᠰᠠᠯᠬᠢ ᠰᠢᠭᠤᠷᠭ᠎ᠠ ᠶᠡᠬᠡᠳᠡᠵᠦ ᠮᠠᠶᠢᠬᠠᠨ ᠪᠣᠰᠬᠠᠵᠤ ᠳᠡᠶᠢᠯᠭᠦ ᠦᠭᠡᠢ ᠪᠣᠯᠪᠠᠯ ᠠᠷᠭ᠎ᠠ ᠪᠤᠰᠤ ᠨᠦᠬᠡ ᠮᠠᠯᠲᠠᠨ ᠬᠤᠨᠣᠳᠠᠭ ᠪᠠᠶᠢᠯ᠎ᠠ᠂ ᠣᠷᠴᠢᠨ ᠲᠣᠭᠤᠷᠢᠨ ᠬᠡᠳᠦᠢ ᠬᠠᠲᠠᠭᠤ ᠪᠡᠷᠬᠡ ᠪᠠᠶᠢᠭᠰᠠᠨ ᠴᠦ ᠲᠡᠷᠡ ᠶᠡᠷᠦ ᠠᠴᠠ ᠵᠣᠷᠢᠭ ᠮᠣᠬᠤᠵᠤ ᠬᠤᠶᠢᠰᠢ ᠰᠠᠭᠤᠭᠰᠠᠨ ᠦᠭᠡᠢ᠃ ᠨᠢᠭᠡ ᠨᠢᠭᠡ ᠪᠠᠷ ᠨᠦᠬᠡ ᠤᠬᠤᠨ ᠨᠢᠭᠡ ᠨᠢᠭᠡ ᠪᠠᠷ ᠴᠢᠬᠢ ᠰᠠᠭᠤᠯᠭᠠᠵᠤ ᠨᠢᠭᠡ ᠨᠢᠭᠡ ᠪᠠᠷ ᠤᠰᠤᠯᠠᠭᠰᠠᠭᠠᠷ ᠪᠠᠶᠢᠵᠤ᠂ 2016 ᠣᠨ ᠤ 5 ᠰᠠᠷ᠎ᠠ ᠪᠤᠯᠬᠤ ᠳᠤ 5 ᠲᠦᠮᠡᠨ ᠮᠦ ᠵᠠᠭ ᠲᠠᠷᠢᠪᠠ᠃            ᠸᠠᠩ ᠵᠢᠶᠠᠨ ᠭᠠᠩ ᠤᠨ ᠡᠯᠡᠰᠦᠨ ᠴᠦᠯ ᠭᠤᠪᠢ ᠶᠢ ᠨᠣᠭᠤᠭᠠᠷᠠᠭᠤᠯᠬᠤ ᠭᠡᠰᠡᠨ ᠤᠯᠠᠨ ᠵᠢᠯ ᠤᠨ ᠴᠥᠬᠦᠷᠡᠰᠢ ᠦᠭᠡᠢ ᠪᠠᠷᠢᠮᠲᠠᠯᠠᠯ ᠪᠠ ᠰᠢᠷᠭᠠᠭᠤ ᠭᠦᠳᠡᠯᠮᠤᠷᠢ ᠳᠤ ᠤᠤᠯ ᠤᠨ ᠬᠠᠮᠠᠷ ᠬᠠᠳᠬᠤᠬᠤ ᠡᠪᠡᠰᠦ ᠦᠭᠡᠢ ᠪᠠᠶᠢᠭᠰᠠᠨ ᠨᠢᠴᠦᠭᠦᠨ ᠡᠯᠡᠰᠦᠨ ᠳᠤ ᠬᠡᠰᠡᠭ ᠬᠡᠰᠡᠭ ᠨᠣᠭᠤᠭᠠᠨ ᠪᠦᠷᠢᠳᠦ ᠲᠠᠢ ᠪᠣᠯᠵᠠᠢ᠃            ᠵᠠᠭ ᠤᠨ ᠤᠢ ᠶᠢᠨ ᠠᠮᠢ ᠠᠬᠤᠢ ᠪᠣᠯᠣᠨ ᠠᠵᠤ ᠠᠬᠤᠢ ᠶᠢᠨ ᠬᠤᠣᠰ ᠦᠷ᠎ᠡ ᠠᠰᠢᠭ ᠢ ᠪᠡᠶᠡᠯᠡᠭᠦᠯᠬᠦ ᠶᠢᠨ ᠲᠥᠯᠥᠭᠡ᠂ ᠣᠶᠢᠷ᠎ᠠ ᠶᠢᠨ ᠬᠡᠳᠦᠨ ᠵᠢᠯ ᠳᠤ ᠸᠠᠩ ᠵᠢᠶᠠᠨ ᠭᠠᠩ ᠵᠠᠭ ᠤᠨ ᠦᠨᠳᠦᠰᠦᠨ ᠳᠤ ᠴᠠᠭᠠᠨ ᠭᠤᠶᠣᠣ ᠶᠢ ᠰᠠᠭᠤᠯᠭᠠᠵᠤ᠂ ᠵᠠᠭ ᠤᠨ ᠤᠢ ᠨᠢ ᠠᠷᠠᠳ ᠢ ᠪᠠᠶᠠᠵᠢᠭᠤᠯᠬᠤ ᠴᠠᠭᠠᠨ ᠭᠤᠶᠣᠣ ᠶᠢᠨ ᠰᠠᠭᠤᠷᠢᠨ ᠪᠣᠯᠪᠠ᠃ ︽ᠵᠠᠭ ᠳᠠᠷᠢᠵᠦ ᠦᠨᠳᠦᠰᠦᠨ ᠳᠤᠨᠢ ᠴᠠᠭᠠᠨ ᠭᠤᠶᠣᠣ ᠰᠠᠭᠤᠯᠭᠠᠭᠰᠠᠨ ᠠᠴᠠ ᠠᠮᠢ ᠠᠬᠤᠢ ᠪᠠ ᠠᠵᠤ ᠠᠬᠤᠢ ᠶᠢᠨ ᠬᠤᠣᠰ ᠦᠷ᠎ᠡ ᠠᠰᠢᠭ ᠬᠦᠷᠲᠡᠵᠦ᠂ ᠣᠳᠣᠬᠠᠨ ᠳᠤ ᠨᠢᠭᠡᠨᠲᠡ 700 ᠭᠠᠷᠤᠢ ᠺᠢᠯᠣᠭ᠍ᠷᠠᠮ ᠴᠠᠭᠠᠨ ᠭᠤᠶᠣᠣ ᠶᠢᠨ ᠦᠷ᠎ᠡ ᠲᠡᠭᠦᠵᠦ᠂ ᠦᠢᠯᠡᠳᠬᠦᠨ ᠤ ᠦᠷᠳᠡᠭ ᠨᠢ 1400 ᠭᠠᠷᠤᠢ ᠲᠦᠮᠡᠨ ᠲᠥᠭᠦᠷᠢᠭ ᠲᠤ ᠬᠦᠷᠴᠡᠢ᠃ ᠡᠨᠡ ᠨᠢ ᠶᠡᠭᠡ ᠬᠡᠮᠵᠢᠶᠡᠨ ᠤ ᠪᠡᠯᠡ ᠮᠥᠩᠭᠦ ᠶᠢ ᠠᠷᠪᠢᠯᠠᠭᠰᠠᠨ ᠢᠶᠠᠷ ᠪᠠᠷᠠᠬᠤ ᠦᠭᠡᠢ ᠰᠢᠯᠢᠳᠡᠭ ᠰᠠᠶᠢᠨ ᠡᠵᠡᠨ᠎ᠡ ᠶᠢᠨ ᠴᠠᠭᠠᠨ ᠭᠤᠶᠣᠣ ᠶᠢᠨ ᠦᠷ᠎ᠡ ᠡᠳ᠋ ᠢ ᠴᠦ ᠬᠠᠮᠠᠭᠠᠯᠠᠵᠤ ᠴᠢᠳᠠᠬᠤ ᠶᠤᠮ︾ ᠭᠡᠵᠦ ᠸᠠᠩ ᠵᠢᠶᠠᠨ ᠭᠠᠩ ᠬᠡᠯᠡᠨ᠎ᠡ᠃ 2021 ᠣᠨ ᠳᠤ ᠲᠡᠭᠦᠨ ᠤ ᠡᠵᠡᠩᠨᠡᠵᠦ ᠪᠠᠶᠢᠭ᠎ᠠ ᠬᠢᠲᠠᠳ ᠡᠮ ᠤᠨ ᠮᠠᠲ᠋ᠧᠷᠢᠶᠠᠯ ᠳᠠᠷᠢᠬᠤ ᠣᠶ ᠶᠢᠨ ᠳᠣᠲᠣᠷᠠᠬᠢ ᠠᠵᠤ ᠠᠬᠤᠢ ᠶᠢᠨ ᠵᠢᠱᠢᠶ᠎ᠡ ᠦᠵᠡᠭᠦᠯᠭᠦ ᠰᠠᠭᠤᠷᠢᠨ ᠨᠢ ᠲᠠᠪᠤᠳᠤᠭᠠᠷ ᠪᠦᠯᠦᠭ ᠤᠨ ᠪᠦᠭᠦ ᠤᠯᠤᠰ ᠤᠨ ᠣᠶ ᠶᠢᠨ ᠳᠣᠲᠣᠷᠠᠬᠢ ᠠᠵᠤ ᠠᠬᠤᠢ ᠶᠢᠨ ᠵᠢᠱᠢᠶ᠎ᠡ ᠦᠵᠡᠭᠦᠯᠭᠦ ᠰᠠᠭᠤᠷᠢᠨ ᠢᠶᠠᠷ ᠰᠣᠩᠭᠤᠭᠳᠠᠪᠠ᠃            ᠣᠨ ᠴᠠᠭ ᠣᠷᠴᠢᠵᠤ᠂ ᠭᠤᠪᠢ ᠨᠤᠲᠤᠭ ᠨᠣᠭᠤᠭᠠᠷᠠᠯ᠎ᠠ᠃ ᠸᠠᠩ ᠵᠢᠶᠠᠨ ᠭᠠᠩ ᠤᠨ ᠠᠮᠢ ᠠᠬᠤᠢ ᠶᠢ ᠵᠠᠰᠠᠬᠤ ᠡᠷᠴᠢ ᠵᠣᠷᠢᠭ ᠨᠡᠩ ᠪᠠᠲᠤ ᠴᠢᠩᠭ᠎ᠠ ᠪᠣᠯᠵᠤ᠂ ᠰᠡᠳᠬᠢᠯ ᠳᠡᠭᠡᠨ ᠨᠡᠩ ᠬᠤᠯᠠ ᠨᠡᠩ ᠠᠯᠤᠰ ᠭᠡᠳᠤ ᠶᠢᠨ ᠬᠠᠷᠠᠯᠲᠠ ᠶᠢ ᠲᠥᠰᠥᠪᠯᠡᠵᠦ ᠰᠠᠭᠤᠨ᠎ᠠ᠃ ︽ᠪᠢ ᠡᠨᠡ ᠬᠦ ᠪᠣᠬᠢᠷᠳᠤᠯ ᠦᠭᠡᠢ ᠦᠢᠯᠡᠰ ᠢ ᠦᠷᠭᠦᠯᠵᠢᠯᠡᠨ ᠬᠥᠭᠵᠢᠭᠦᠯᠵᠦ᠂ ᠡᠯᠡᠰᠦᠨ ᠴᠦᠯ ᠭᠤᠪᠢ ᠳᠤ ᠵᠠᠭᠤᠨ ᠲᠦᠮᠡᠨ ᠮᠦ ᠵᠠᠭ ᠳᠠᠷᠢᠬᠤ ᠪᠠᠷ ᠲᠥᠯᠥᠪᠯᠡᠵᠦ ᠪᠠᠶᠢᠨ᠎ᠠ︾ ᠭᠡᠵᠦ ᠸᠠᠩ ᠵᠢᠶᠠᠨ ᠭᠠᠩ ᠬᠡᠯᠡᠨ᠎ᠡ                  
 
ᠢᠷᠡᠯᠲᠡ᠄ ᠥᠪᠥᠷ ᠮᠣᠩᠭᠤᠯ ᠤᠨ ᠡᠳᠦᠷ ᠤᠨ ᠰᠣᠨᠢᠨ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号