ᠮᠠᠯᠴᠢᠨ ᠰᠡᠷᠭᠦᠯᠡᠩ ᠨᠣᠣᠯᠣᠭᠤᠷ ᠢᠶᠠᠨ ᠵᠢᠩ ᠤᠨ 204 ᠲᠥᠭᠦᠷᠢᠭ ᠢᠶᠠᠷ ᠪᠣᠷᠣᠯᠠᠭᠤᠯᠤᠯ᠎ᠠ
ᠨᠡᠶᠢᠲᠡᠯᠡᠭᠰᠡᠨ ᠴᠠᠭ᠄
2024/5/28
                            ● ᠰᠡᠴᠡᠨ  ᠂ ᠡᠷᠳᠡᠨᠢᠬᠦᠦ             ᠢᠮᠠᠭ᠎ᠠ ᠰᠠᠮᠨᠠᠬᠤ ᠠᠵᠢᠯ ᠢᠶᠠᠨ ᠳᠠᠭᠤᠰᠬᠠᠬᠤ ᠲᠠᠢ ᠵᠡᠷᠭᠡ ᠢᠮᠠᠭᠠᠨ ᠨᠣᠣᠯᠣᠭᠤᠷ ᠤᠨ ᠦᠨ᠎ᠡ ᠬᠠᠩᠰᠢ ᠨᠢ ᠮᠠᠯᠴᠢᠳ ᠤᠨ ᠬᠠᠮᠤᠭ ᠠᠴᠠ ᠶᠡᠭᠡ ᠠᠩᠬᠠᠷᠳᠠᠭ ᠠᠰᠠᠭᠤᠳᠠᠯ ᠪᠣᠯᠤᠭᠰᠠᠨ ᠪᠠᠶᠢᠳᠠᠭ᠃ ᠣᠶᠢᠷ᠎ᠠ ᠶᠢᠨ ᠡᠳᠦᠷ᠂ ᠠᠯᠠᠱᠠ ᠵᠡᠭᠦᠨ ᠬᠤᠰᠢᠭᠤᠨ ᠤ ᠪᠠᠶᠠᠠᠨᠢᠷᠤᠭᠤᠨ ᠰᠤᠮᠤᠨ ᠤ ᠮᠠᠯᠴᠢᠨ ᠰᠡᠷᠭᠦᠯᠡᠩ ᠨᠣᠣᠯᠣᠭᠤᠷ ᠢᠶᠠᠨ ᠪᠠᠶᠠᠨᠬᠤᠲᠠ ᠳᠤ ᠲᠠᠲᠠᠵᠤ ᠠᠪᠴᠢᠷᠠᠨ ᠬᠤᠩ ᠴᠢ ᠪᠠᠭᠤᠳᠠᠯ ᠤᠨ ᠡᠮᠦᠨᠡᠬᠡᠨ ᠪᠠᠶᠢᠭ᠎ᠠ ᠯᠢ ᠹᠦ᠋ ᠡᠯ ᠨᠣᠣᠯᠣᠭᠤᠷ ᠤᠨ ᠬᠢᠵᠠᠭᠠᠷᠲᠤ ᠬᠠᠷᠢᠭᠤᠴᠠᠯᠭᠠᠲᠤ ᠺᠤᠮᠫᠠᠨᠢ ᠳᠤ ᠨᠠᠷᠢᠴᠠ ᠶᠢ ᠬᠡᠮᠵᠢᠭᠦᠯᠦᠨ ᠪᠣᠷᠣᠯᠠᠭᠤᠯᠤᠭᠠᠳ ᠪᠡᠯᠡᠨ ᠮᠥᠩᠭᠦ ᠪᠠᠨ ᠲᠤᠭᠠᠴᠠᠯᠠᠵᠦ ᠠᠪᠤᠭᠰᠠᠨ ᠪᠠᠶᠢᠨ᠎ᠠ᠃              ᠰᠡᠷᠭᠦᠯᠡᠩ ᠤᠨ ᠢᠮᠠᠭᠠᠨ ᠰᠦᠷᠦᠭ ᠤᠨ ᠨᠣᠣᠯᠣᠭᠤᠷ ᠤᠨ ᠨᠠᠷᠢᠴᠠ ᠨᠢ ᠲᠡᠭᠰᠢᠳᠬᠡᠭᠡᠳ14.4 ᠮᠢᠺᠷᠦᠮᠧᠲᠷ ᠢᠶᠠᠷ ᠬᠡᠮᠵᠢᠭᠳᠡᠵᠦ᠂ 300 ᠭᠠᠷᠤᠢ ᠵᠢᠩ ᠨᠣᠣᠯᠣᠭᠤᠷ ᠨᠢ ᠵᠢᠩ ᠪᠦᠷᠢ ᠳᠡᠭᠡᠨ 187 ᠲᠥᠭᠦᠷᠢᠭ ᠲᠤ ᠬᠦᠷᠴᠦ᠂ ᠨᠠᠷᠢᠴᠠ ᠶᠢᠨ ᠨᠥᠬᠦᠪᠦᠷᠢ ᠮᠥᠩᠭᠦ 17 ᠲᠥᠭᠦᠷᠢᠭ ᠢᠶᠠᠨ ᠨᠡᠮᠡᠭᠡᠳ ᠵᠢᠩ ᠪᠦᠷᠢ ᠳᠡᠭᠡᠨ 204 ᠲᠥᠭᠦᠷᠢᠭ ᠲᠤ ᠬᠦᠷᠴᠡᠢ᠃ ᠲᠡᠭᠦᠨ ᠲᠠᠢ ᠬᠠᠮᠲᠤ ᠨᠣᠣᠯᠣᠭᠤᠷ ᠢᠶᠠᠨ ᠲᠠᠲᠠᠵᠤ ᠠᠪᠴᠢᠷᠠᠭᠰᠠᠨ ᠪᠠᠶᠠᠨᠨᠢᠷᠤᠭᠤᠨ ᠰᠤᠮᠤᠨ ᠤ ᠰᠢᠷᠠᠪᠤᠯᠠᠭ ᠭᠠᠴᠠᠭᠠᠨ ᠤ ᠮᠠᠯᠴᠢᠨ ᠬᠤᠪᠢᠰᠬᠠᠯᠲᠤ ᠶᠢᠨ ᠢᠮᠠᠭᠠᠨ ᠤ ᠨᠣᠣᠯᠣᠭᠤᠷ ᠤᠨ ᠨᠠᠷᠢᠴᠠ ᠨᠢ 14.89 ᠮᠢᠺᠷᠦᠮᠧᠲᠷ ᠢᠶᠠᠷ ᠬᠡᠮᠵᠢᠭᠳᠡᠨ᠂ ᠨᠥᠬᠦᠪᠦᠷᠢ ᠮᠥᠩᠭᠦ ᠪᠠᠨ ᠨᠡᠮᠡᠭᠡᠳ ᠠᠳᠠᠯᠢᠬᠠᠨ 204 ᠲᠥᠭᠦᠷᠢᠭ ᠤᠨ ᠦᠨ᠎ᠡ ᠳᠤ ᠬᠦᠷᠴᠡᠢ᠃              ︽ᠦᠨᠡᠨᠳᠡᠭᠡᠨ ᠮᠠᠨ ᠤ ᠠᠯᠠᠱᠠ ᠨᠤᠲᠤᠭ ᠤᠨ ᠴᠠᠭᠠᠨ ᠨᠣᠣᠯᠣᠭᠤᠷᠲᠤ ᠢᠮᠠᠭ᠎ᠠ ᠶᠢᠨ ᠨᠣᠣᠯᠣᠭᠤᠷ ᠨᠢ ᠪᠦᠭᠦ ᠤᠯᠤᠰ ᠲᠡᠷᠡᠴᠢᠯᠡᠨ ᠪᠦᠭᠦ ᠳᠡᠯᠡᠬᠡᠢ ᠶᠢᠨ ᠬᠡᠪᠴᠢᠶᠡᠨ ᠳᠤ ᠴᠢᠨᠠᠷ ᠰᠠᠶᠢᠨ᠂ ᠨᠠᠷᠢᠴᠠ ᠨᠢ ᠥᠨᠳᠥᠷ ᠪᠠᠶᠢᠳᠠᠭ᠃ ᠲᠡᠭᠰᠢᠳᠬᠡᠭᠡᠳ ᠨᠢᠭᠡ ᠢᠮᠠᠭᠠᠨ ᠠᠴᠠ 1 ᠵᠢᠩ ᠨᠣᠣᠯᠣᠭᠤᠷ ᠪᠠᠭᠤᠨ᠎ᠠ᠂ ᠵᠢᠩ ᠪᠦᠷᠢ ᠲᠡᠭᠰᠢᠳᠬᠡᠭᠡᠳ 180 - 200 ᠲᠥᠭᠦᠷᠢᠭ ᠤᠨ ᠦᠨ᠎ᠡ ᠳᠤ ᠬᠦᠷᠴᠦ ᠪᠤᠢ᠃ ᠰᠤᠷ ᠲᠠᠢ ᠨᠢ ᠬᠠᠶᠢᠴᠢᠯᠠᠪᠠᠯ ᠪᠠᠷᠤᠭ ᠲᠠᠭᠠᠨ 3 ᠵᠢᠩ ᠪᠠᠭᠤᠨ᠎ᠠ᠃ ᠵᠢᠩ ᠪᠦᠷᠢ ᠲᠡᠭᠰᠢᠳᠬᠡᠭᠡᠳ 100 ᠲᠥᠭᠦᠷᠢᠭ᠃ ᠠᠯᠠᠱᠠ ᠶᠢᠨ ᠴᠠᠭᠠᠨ ᠨᠣᠣᠯᠣᠭᠤᠷᠲᠤ ᠢᠮᠠᠭ᠎ᠠ ᠶᠢ ᠰᠠᠮᠨᠠᠬᠤ ᠳᠤ ᠨᠢᠭᠡ ᠡᠳᠦᠷ ᠲᠤ ᠠᠷᠪᠠᠨ ᠭᠡᠳᠦ᠂ ᠢᠯᠡᠭᠦᠦ ᠳᠡᠭᠡᠨ ᠬᠤᠷᠢ ᠭᠠᠷᠤᠢ ᠶᠢ ᠯᠠ ᠰᠠᠮᠨᠠᠵᠤ ᠲᠠᠯᠪᠢᠨ᠎ᠠ᠃ ᠰᠤᠷ ᠲᠠᠢ ᠨᠢ ᠬᠠᠶᠢᠴᠢᠯᠠᠪᠠᠯ ᠡᠳᠦᠷ ᠤᠨ ᠲᠠᠪᠢ ᠵᠢᠷᠠᠨ ᠢᠮᠠᠭ᠎ᠠ ᠬᠠᠶᠢᠴᠢᠯᠠᠬᠤ ᠪᠣᠯᠣᠯᠴᠠᠭ᠎ᠠ ᠲᠠᠢ᠃ ᠲᠡᠶᠢᠮᠤ ᠤᠴᠢᠷ ᠎ ᠠᠴᠠ ᠠᠯᠠᠱᠠ ᠶᠢᠨ ᠴᠠᠭᠠᠨ ᠨᠣᠣᠯᠣᠭᠤᠷᠲᠤ ᠢᠮᠠᠭ᠎ᠠ ᠮᠠᠯᠵᠢᠭᠰᠠᠨ ᠮᠠᠯᠴᠢᠳ ᠭᠠᠷᠭᠠᠭᠰᠠᠨ ᠬᠦᠴᠦ ᠭᠦᠳᠡᠯᠮᠦᠷᠢ ᠎ ᠳᠡᠭᠡᠨ ᠲᠡᠩᠴᠡᠭᠰᠡᠨ ᠬᠥᠯᠥᠰᠦ ᠣᠯᠭᠤᠮᠵᠢ ᠣᠯᠵᠤ ᠴᠢᠳᠠᠬᠤ ᠦᠭᠡᠢ ᠪᠠᠶᠢᠨ᠎ᠠ᠃ ᠠᠳᠠᠭ ᠪᠠᠭ᠎ᠠ ᠳᠠᠭᠠᠨ ᠨᠢᠭᠡ ᠢᠮᠠᠭᠠᠨ ᠳᠤ100 ᠲᠥᠭᠦᠷᠢᠭ ᠤᠨ ᠤᠷᠤᠯᠭ᠎ᠠ ᠵᠥᠷᠢᠵᠦ ᠪᠤᠢ᠃ ᠪᠢᠳᠠ ᠲᠠᠷᠠᠭ᠎ᠠ ᠠᠯᠬᠤᠮ ᠳᠤ ᠲᠤᠰᠬᠠᠢ ᠰᠤᠳᠤᠯᠭᠠᠨ ᠤ ᠪᠢᠴᠢᠭ ᠮᠠᠲ᠋ᠧᠷᠢᠶᠠᠯ ᠳᠡᠪᠰᠢᠭᠦᠯᠵᠦ᠂ ᠠᠯᠠᠱᠠ ᠶᠢᠨ ᠴᠠᠭᠠᠨ ᠨᠣᠣᠯᠣᠭᠤᠷᠲᠤ ᠢᠮᠠᠭ᠎ᠠ ᠪᠠᠨ ᠬᠠᠮᠠᠭᠠᠯᠠᠬᠤ᠂ ᠦᠷ᠎ᠡ ᠠᠰᠢᠭ ᠢ ᠨᠢ ᠲᠡᠭᠡᠭᠰᠢᠯᠡᠭᠦᠯᠭᠦ ᠠᠷᠭ᠎ᠠ ᠭᠡᠯᠪᠡᠷᠢ ᠠᠪᠬᠤ ᠭᠡᠵᠦ ᠪᠤᠢ᠃ ᠦᠭᠡᠢ ᠪᠣᠯ ᠠᠯᠠᠱᠠ ᠎ ᠶᠢᠨ ᠴᠠᠭᠠᠨ ᠨᠣᠣᠯᠣᠭᠤᠷᠲᠤ ᠢᠮᠠᠭ᠎ᠠ ᠮᠠᠯᠵᠢᠬᠤ ᠬᠥᠮᠥᠨ ᠤᠯᠠᠮ ᠴᠥᠭᠡᠨ ᠪᠤᠯᠬᠤ ᠬᠠᠨᠳᠤᠰᠢ ᠲᠠᠢ᠃ ᠨᠣᠣᠯᠣᠭᠤᠷ ᠎ ᠤᠨ ᠦᠨ᠎ᠡ ᠬᠠᠩᠰᠢ ᠨᠢ ᠳᠡᠭᠡᠭᠰᠢᠯᠡᠴᠢᠬᠡᠪᠡᠯ ᠮᠠᠯᠴᠢᠳ ᠤᠨ ᠢᠳᠡᠪᠬᠢᠵᠢᠯ ᠥᠨᠳᠥᠷᠵᠢᠨ᠎ᠡ᠂ ᠠᠯᠠᠱᠠ ᠶᠢᠨ ᠴᠠᠭᠠᠨ ᠨᠣᠣᠯᠣᠭᠤᠷᠲᠤ ᠢᠮᠠᠭ᠎ᠠ ᠮᠠᠯᠵᠢᠬᠤ ᠬᠥᠮᠥᠨ ᠤᠯᠠᠨ ᠪᠣᠯᠣᠨ᠎ᠠ︾ ᠭᠡᠵᠦ ᠠᠯᠠᠱᠠ ᠵᠡᠭᠦᠨ ᠬᠤᠰᠢᠭᠤᠨ ᠤ ᠡᠭᠦᠯᠳᠡᠷ ᠰᠠᠶᠢᠵᠢᠷᠠᠭᠤᠯᠬᠤ ᠥᠷᠲᠡᠭᠡᠨ ᠠᠴᠠ ᠠᠵᠢᠯ ᠤᠨ ᠠᠮᠠᠷᠠᠯᠲᠠ ᠪᠠᠨ ᠠᠪᠤᠭᠰᠠᠨ ᠠᠬᠠᠮᠠᠳ ᠺᠠᠳ᠋ᠷ ᠥᠨᠢᠮᠥ᠋ᠩᠬᠡ ᠶᠠᠷᠢᠯ᠎ᠠ᠃              ᠣᠶᠢᠯᠠᠭᠠᠭᠰᠠᠨ ᠢᠶᠠᠷ᠂ ᠢᠮᠠᠭᠠᠨ ᠨᠣᠣᠯᠣᠭᠤᠷ ᠬᠤᠷᠢᠶᠠᠬᠤ ᠲᠤᠬᠠᠢ ᠶᠢᠨ ᠲᠠᠯᠠᠪᠠᠢ ᠳᠤ ᠯᠢ ᠹᠦ᠋ ᠡᠯ ᠨᠣᠣᠯᠣᠭᠤᠷ ᠤᠨ ᠬᠢᠵᠠᠭᠠᠷᠲᠤ ᠬᠠᠷᠢᠭᠤᠴᠠᠯᠭᠠᠲᠤ ᠺᠤᠮᠫᠠᠨᠢ ᠶᠢᠨ ᠠᠵᠢᠯᠲᠠᠨ ᠠᠴᠠ ᠨᠣᠣᠯᠣᠭᠤᠷ ᠤᠨ ᠨᠠᠷᠢᠴᠠ ᠶᠢᠨ ᠬᠡᠮᠵᠢᠶ᠎ᠡ ᠶᠢ ᠬᠡᠮᠵᠢᠭᠰᠡᠨ ᠤ ᠲᠠᠷᠠᠭ᠎ᠠ ᠣᠷᠳᠣᠰ ᠤᠨ ᠢᠮᠠᠭᠠᠨ ᠨᠣᠣᠯᠣᠭᠤᠷ ᠤᠨ ᠪᠦᠯᠦᠭᠯᠡᠯ ᠠᠴᠠ ᠨᠠᠷᠢᠴᠠ ᠶᠢᠨ ᠬᠡᠮᠵᠢᠶ᠎ᠡ ᠶᠢ ᠦᠨᠳᠦᠰᠦᠯᠡᠨ ᠦᠨ᠎ᠡ ᠲᠣᠭᠲᠠᠭᠠᠨ ᠬᠤᠷᠢᠶᠠᠵᠤ ᠪᠤᠢ᠃            
 
ᠢᠷᠡᠯᠲᠡ᠄ ᠠᠯᠠᠱᠠ ᠵᠡᠭᠦᠨ ᠬᠤᠰᠢᠭᠤᠨ ᠤ ᠵᠠᠰᠠᠭ ᠤᠨ ᠣᠷᠳᠣᠨ ᠤ ᠮᠣᠩᠭᠤᠯ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号