ᠫᠢᠸᠤ᠋ ᠤᠤᠭᠤᠬᠤ ᠳᠤ ᠲᠤᠯᠤᠭᠠᠨ ᠴᠡᠭᠡᠷ ᠪᠤᠢ
ᠨᠡᠶᠢᠲᠡᠯᠡᠭᠰᠡᠨ ᠴᠠᠭ᠄
2024/5/28
                                                      ᠰᠢᠷᠦᠭᠦᠨ ᠬᠦᠳᠡᠯᠭᠡᠭᠡᠨ ᠬᠢᠭᠰᠡᠨ ᠲᠠᠷᠠᠭ᠎ᠠ ᠫᠢᠸᠤ᠋ ᠤᠤᠭᠤᠬᠤ ᠶᠢ ᠴᠡᠭᠡᠷᠯᠡᠬᠦ᠃ ᠵᠠᠷᠢᠮ ᠬᠦᠮᠦᠰ ᠰᠢᠷᠦᠭᠦᠨ ᠬᠦᠳᠡᠯᠭᠡᠭᠡᠨ ᠬᠢᠭᠰᠡᠨ ᠤ ᠲᠠᠷᠠᠭ᠎ᠠ ᠤᠮᠳᠠᠭᠠᠰᠬᠤ ᠶᠢᠨ ᠡᠷᠭᠡᠨ ᠳᠤ ᠫᠢᠸᠤ᠋ ᠤᠤᠭᠤᠵᠤ ᠤᠮᠳᠠ ᠲᠠᠶᠢᠯᠳᠠᠭ᠃ ᠦᠷᠭᠦᠯᠵᠢ ᠢᠩᠭᠢᠭᠡᠳ ᠪᠠᠶᠢᠪᠡᠯ ᠲᠤᠯᠠᠢ ᠡᠪᠡᠳᠴᠢᠨ ᠳᠤ ᠨᠡᠷᠪᠡᠭᠳᠡᠬᠦ ᠠᠶᠤᠯ ᠲᠠᠢ᠃ ᠰᠢᠨᠵᠢᠯᠡᠬᠦ ᠤᠬᠠᠭᠠᠨᠳᠡᠳ ᠤᠨ ᠢᠯᠡᠷᠡᠭᠦᠯᠵᠤ ᠮᠡᠳᠡᠭᠰᠡᠨ ᠢᠶᠠᠷ᠂ ᠬᠦᠮᠦᠨ ᠰᠢᠷᠦᠬᠦᠨ ᠬᠦᠳᠡᠯᠭᠡᠭᠡᠨ ᠬᠢᠭᠰᠡᠨ ᠤ ᠲᠠᠷᠠᠭ᠎ᠠ ᠫᠢᠸᠤ᠋ ᠤᠤᠭᠤᠪᠡᠯ ᠴᠢᠰᠤᠨ ᠳᠠᠬᠢ ᠰᠢᠭᠡᠰᠦᠨ ᠬᠦᠴᠢᠯ ᠤᠨ ᠦᠳᠭᠡᠴᠨ ᠶᠢ ᠨᠡᠮᠡᠭᠳᠡᠭᠦᠯᠳᠡᠭ᠂ ᠰᠢᠭᠡᠰᠦᠨ ᠬᠦᠴᠢᠯ ᠤᠨ ᠢᠯᠠᠭᠠᠷᠠᠭᠤᠯᠤᠯᠳᠠ ᠰᠠᠭᠠᠳ ᠲᠠᠢ ᠪᠤᠯᠪᠡᠯ ᠪᠡᠶ᠎ᠡ ᠎ ᠶᠢᠨ ᠦᠶ᠎ᠡ ᠬᠡᠰᠢᠭᠦᠨ ᠤ ᠭᠡᠰᠡᠭ ᠲᠤ ᠬᠤᠷᠠᠵᠤ᠂ ᠡᠭᠦᠨ ᠤ ᠤᠯᠠᠮ ᠢᠶᠠᠷ ᠦᠶ᠎ᠡ ᠭᠡᠰᠢᠭᠦᠨ ᠤ ᠤᠷᠪᠢᠰᠦᠯ ᠪᠤᠯᠤᠨ ᠲᠤᠯᠠᠢ ᠡᠪᠡᠳᠴᠢᠨ ᠳᠤ ᠨᠡᠷᠪᠡᠭᠳᠡᠳᠡᠭ ᠭᠡᠨ᠎ᠡ          ᠃                     ᠫᠢᠸᠤ᠋ ᠶᠢ ᠬᠠᠷ᠎ᠠ ᠠᠷᠢᠬᠢ ᠲᠠᠢ ᠬᠤᠯᠢᠵᠤ ᠤᠤᠭᠤᠬᠤ ᠶᠢ ᠴᠡᠭᠡᠷᠯᠡᠬᠦ᠃ ᠫᠢᠸᠤ᠋ ᠪᠤᠯ ᠰᠫᠢᠷᠲ ᠤᠨ ᠠᠭᠤᠯᠬᠤᠨ ᠎ ᠢᠶᠠᠷ ᠪᠠᠭ᠎ᠠ ᠤᠮᠳᠠᠭᠠᠨ ᠶᠤᠮ          ᠂ ᠬᠡᠪᠡᠴᠤ ᠨᠡᠭᠦᠷᠡᠰᠦᠳᠦ᠋ᠷᠦᠭᠴᠢ ᠶᠢᠨ           ᠲᠠᠪᠬᠤᠷ ᠢᠰᠦᠯ ᠪᠤᠯᠤᠨ ᠤᠰᠤ ᠦᠯᠠᠮᠵᠢᠬᠡᠨ ᠠᠭᠤᠯᠤᠭᠳᠠᠵᠤ ᠪᠠᠶᠢᠬᠤ ᠪᠤᠯᠬᠤᠷ ᠫᠢᠸᠤ᠋ ᠶᠢ ᠬᠠᠷ᠎ᠠ ᠠᠷᠢᠬᠢ ᠎ ᠲᠠᠢ ᠬᠤᠯᠢᠵᠤ ᠤᠤᠭᠤᠪᠡᠯ ᠪᠡᠶ᠎ᠡ ᠳᠠᠬᠢ ᠰᠫᠢᠷᠲ ᠤᠨ ᠰᠢᠩᠭᠡᠴᠨ ᠶᠢ ᠨᠡᠮᠡᠭᠳᠡᠭᠦᠯᠵᠤ ᠡᠯᠢᠭᠡ᠂ ᠬᠤᠳᠤᠭᠤᠳᠤ᠂ ᠭᠡᠳᠡᠰᠤ᠂ ᠪᠦᠭᠡᠷ᠎ᠡ ᠵᠡᠷᠭᠡ ᠡᠷᠭᠡᠳᠡᠨ ᠳᠤ ᠴᠢᠩᠭ᠎ᠠ ᠰᠡᠳᠡᠯᠳᠡ ᠦᠭᠴᠤ᠂ ᠬᠤᠳᠤᠭᠤᠳᠤᠨ ᠬᠦᠴᠢᠯ ᠤᠨ ᠱᠦᠭᠦᠷᠡᠯ ᠢ ᠪᠠᠭᠠᠰᠬᠠᠨ᠂ ᠬᠤᠳᠤᠭᠤᠳᠤᠨ ᠠᠳᠬᠤᠷᠠᠭ᠎ᠠ᠂ ᠲᠦᠷᠭᠡᠨ ᠴᠢᠨᠠᠷᠳᠠᠢ ᠬᠤᠳᠤᠭᠤᠳᠤ ᠭᠡᠳᠡᠰᠤᠨ ᠤ ᠦᠷᠪᠢᠰᠦᠯ ᠳᠤ ᠨᠡᠷᠪᠡᠭᠳᠡᠭᠦᠯᠳᠡᠭ᠃                     ᠲᠠᠯᠠᠢ ᠶᠢᠨ ᠢᠳᠡᠭᠡᠨ ᠢᠳᠡᠵᠤ ᠪᠠᠶᠢᠭᠠᠳ ᠫᠢᠸᠤ᠋ ᠤᠤᠭᠤᠬᠤ ᠶᠢ ᠴᠡᠭᠡᠷᠯᠡᠬᠦ᠃ ᠲᠠᠯᠠᠢ ᠶᠢᠨ ᠢᠳᠡᠭᠡᠨ ᠳᠤ ᠫᠦᠷᠢᠨ ᠪᠤᠯᠤᠨ ᠠᠮᠳᠠᠯᠢᠭ ᠬᠦᠴᠢᠯ ᠠᠭᠤᠯᠤᠭᠳᠠᠵᠤ ᠪᠠᠶᠢᠬᠤ ᠶᠢ ᠪᠠᠶᠢᠴᠠᠭᠠᠯᠳᠠ ᠠᠴᠠ ᠮᠡᠳᠡᠵᠠᠢ᠃ ᠫᠢᠸᠤ᠋ ᠳᠤ ᠴᠢᠪ ᠬᠡᠮᠡᠨ ᠡᠨᠡ ᠬᠤᠶᠠᠷ ᠵᠦᠢᠯ ᠤᠨ ᠪᠦᠷᠢᠯᠳᠦᠭᠦᠨ ᠢ ᠵᠠᠳᠠᠷᠠᠭᠤᠯᠵᠤ ᠰᠤᠯᠢᠯᠴᠠᠭᠤᠯᠬᠤ ᠴᠢᠬᠤᠯᠨ ᠲᠦᠷᠭᠡᠳᠭᠡᠭᠦᠷ ᠸᠢᠲ᠋ᠠᠮᠢᠨB1 ᠪᠠᠶᠢᠬᠤ ᠲᠤᠯᠨ ᠬᠤᠶᠠᠭᠤᠯᠨ ᠶᠢ ᠬᠤᠯᠢᠪᠡᠯ ᠪᠡᠶ᠎ᠡ ᠲᠤᠳᠤᠷ᠎ᠠ ᠬᠢᠮᠢ ᠶᠢᠨ ᠦᠢᠯᠡᠳᠦᠯ ᠭᠠᠷᠴᠤ᠂ ᠴᠢᠰᠤᠨ ᠳᠠᠬᠢ ᠰᠢᠭᠡᠰᠦᠨ ᠬᠦᠴᠢᠯ ᠤᠨ ᠬᠡᠮᠵᠢᠶ᠎ᠡ ᠶᠢ           ᠨᠡᠮᠡᠭᠳᠡᠭᠦᠯᠦᠨ᠎ᠡ᠂ ᠡᠶᠢᠨ ᠬᠦ ᠲᠡᠩᠴᠡᠭᠦᠷᠢ ᠪᠠᠨ ᠠᠯᠳᠠᠬᠤ ᠶᠢᠨ ᠤᠯᠠᠮ ᠢᠶᠠᠷ ᠴᠠᠭ ᠲᠤᠬᠠᠢ ᠳᠤᠨᠢ ᠭᠠᠳᠠᠭᠰᠢᠯᠠᠭᠤᠯᠵᠤ ᠲᠡᠶᠢᠯᠬᠦ ᠦᠭᠡᠢ ᠪᠤᠯᠤᠭᠠᠳ ᠨᠠᠲᠷᠢ ᠶᠢᠨ ᠲᠠᠪᠤᠰᠤᠨ ᠤ ᠬᠡᠯᠪᠡᠷᠢ ᠪᠠᠷ ᠬᠤᠷᠠᠵᠤ ᠰᠢᠭᠡᠰᠤᠨ ᠵᠠᠮ ᠤᠨ ᠴᠢᠯᠠᠭᠤᠵᠢᠯ ᠪᠤᠯᠳᠠᠭ᠃                     ᠫᠢᠸᠤ᠋ ᠶᠢ ᠰᠢᠮᠠᠵᠤ ᠤᠤᠭᠤᠬᠤ ᠶᠢ ᠴᠡᠭᠡᠷᠯᠡᠬᠦ᠃ ᠫᠢᠸᠤ᠋ ᠶᠢ ᠴᠤᠮᠤᠨ ᠳᠤ ᠬᠢᠭᠡᠳ ᠪᠦᠳᠦᠭᠦᠨ ᠤᠭᠤᠴᠢᠵᠤ ᠲᠦᠷᠭᠡᠨ ᠤᠤᠭᠤᠬᠤ ᠠᠴᠠ ᠪᠢᠰᠢ᠂ ᠪᠠᠭ᠎ᠠ ᠪᠠᠷ ᠰᠢᠮᠡᠵᠤ ᠤᠤᠭᠤᠵᠤ ᠪᠤᠯᠬᠤ ᠦᠭᠡᠢ᠃ ᠤᠳᠠᠭᠠᠨ ᠰᠢᠮᠠᠵᠤ ᠤᠤᠭᠤᠪᠡᠯ ᠫᠢᠸᠤ᠋ ᠶᠢᠨ ᠬᠦᠭᠡᠰᠤ ᠪᠠᠭᠠᠰᠴᠤ ᠨᠡᠭᠦᠷᠡᠰᠦᠳᠦ᠋ᠷᠦᠭᠴᠢ ᠶᠢᠨ ᠲᠠᠪᠬᠤᠷ ᠰᠢᠰᠦᠯ ᠨᠢ ᠬᠤᠷᠤᠭᠳᠠᠨ᠎ᠠ᠃                     ᠫᠢᠸᠤ᠋ ᠤᠤᠭᠤᠬᠤ ᠳᠠᠭᠠᠨ ᠦᠯᠦ ᠲᠤᠬᠢᠷᠠᠬᠤ ᠨᠤᠭᠤᠭ᠎ᠠ ᠢᠳᠡᠬᠦ ᠶᠢ ᠴᠡᠭᠡᠷᠯᠡᠬᠦ᠃ ᠵᠠᠷᠢᠮ ᠬᠦᠮᠤᠨ ᠫᠢᠸᠤ᠋ ᠤᠤᠭᠤᠬᠤ ᠳᠠᠭᠠᠨ ᠵᠢᠭᠠᠰᠤ᠂ ᠪᠤᠰᠤᠳ ᠮᠢᠬ᠎ᠠ ᠢᠳᠡᠬᠦ ᠲᠤᠷᠠᠳᠠᠢ ᠪᠠᠶᠢᠳᠠᠭ᠂ ᠡᠨᠡ ᠨᠢ ᠰᠢᠩᠭᠡᠭᠡᠯᠳᠡ ᠳᠤ ᠮᠠᠭᠤ ᠪᠠᠶᠢᠬᠤ ᠲᠡᠳᠦᠢ ᠦᠭᠡᠢ᠂ ᠭᠦᠭᠡᠰᠤ ᠶᠢ ᠨᠢ ᠪᠠᠭᠠᠰᠬᠠᠵᠤ ᠰᠢᠮ᠎ᠡ ᠲᠡᠵᠢᠭᠡᠯ ᠢ ᠨᠢ ᠬᠤᠷᠤᠭᠳᠠᠭᠤᠯᠳᠠᠭ          ᠃ ᠫᠢᠸᠤ᠋ ᠤᠤᠭᠤᠬᠤ ᠳᠠᠭᠠᠨ ᠲᠤᠰᠤᠯᠢᠭ ᠱᠠᠩᠳᠠᠭᠤᠨ ᠢᠳᠡᠭᠡᠨ ᠪᠠ ᠬᠦᠴᠢᠯᠯᠢᠭ᠂ ᠰᠢᠬᠢᠷᠯᠢᠭ᠂ ᠭᠠᠰᠢᠭᠤᠨ᠂ ᠬᠠᠯᠠᠭᠤᠨ ᠢᠳᠡᠭᠡᠨ ᠢ ᠦᠯᠦ ᠢᠳᠡᠵᠤ᠂ ᠲᠤᠰᠤᠨ ᠳᠤ ᠰᠢᠷᠠᠭᠰᠠᠨ ᠢᠳᠡᠭᠡᠨ᠂ ᠬᠡᠤᠷᠡᠭ ᠢᠳᠡᠭᠡᠨ ᠢᠳᠡᠪᠡᠯ ᠰᠠᠶᠢᠨ᠃                     ᠬᠤᠭᠤᠯᠨ ᠢᠳᠡᠬᠦ ᠠᠴᠠ ᠪᠠᠨ ᠡᠮᠦᠨ᠎ᠡ ᠬᠦᠢᠳᠡᠨ ᠫᠢᠸᠤ᠋ ᠤᠤᠭᠤᠬᠤ ᠶᠢ ᠴᠡᠭᠡᠷᠯᠡᠬᠦ᠃ ᠬᠤᠭᠤᠯᠠᠨ ᠠᠴᠠ ᠡᠮᠦᠨ᠎ᠡ ᠬᠦᠢᠳᠡᠨ ᠫᠢᠸᠤ᠋ ᠠᠷᠪᠢᠨ ᠤᠤᠭᠤᠪᠡᠯ ᠬᠤᠳᠤᠭᠤᠳᠤ ᠭᠡᠳᠡᠰᠤᠨ ᠤ ᠢᠯᠴᠢ ᠶᠢ ᠲᠦᠷᠭᠡᠨ ᠪᠠᠭᠤᠷᠠᠭᠤᠯᠵᠤ᠂ ᠴᠢᠰᠤᠨ ᠰᠤᠳᠠᠯ ᠢ ᠠᠪᠴᠢᠭᠤᠯᠤᠨ᠂ ᠴᠢᠰᠤᠨ ᠤ ᠡᠷᠭᠢᠯᠳᠡ ᠶᠢ ᠤᠳᠠᠭᠠᠰᠢᠷᠠᠭᠤᠯᠵᠤ᠂ ᠹᠢᠽᠢᠤᠯᠤᠬᠢ ᠶᠢᠨ ᠦᠢᠯᠡᠳᠦᠯ ᠢ ᠲᠡᠩᠴᠡᠭᠦᠷᠢ ᠦᠭᠡᠢ ᠪᠤᠯᠭᠠᠨ᠎ᠠ᠃ ᠰᠢᠩᠭᠡᠭᠡᠯᠳᠡ ᠶᠢᠨ ᠴᠢᠳᠠᠪᠦᠷᠢ ᠶᠢ ᠴᠤ ᠨᠦᠯᠦᠭᠡᠯᠡᠵᠤ᠂ ᠭᠡᠳᠡᠰᠤ ᠡᠪᠡᠳᠬᠦ ᠮᠠᠳᠤ ᠶᠢᠨ ᠭᠡᠮ ᠲᠤᠰᠤᠨ᠎ᠠ᠃                     ᠵᠠᠷᠢᠮ ᠡᠪᠳᠴᠢᠨ ᠫᠢᠸᠤ᠋ ᠤᠤᠭᠤᠬᠤ ᠶᠢ ᠴᠡᠭᠡᠷᠯᠡᠬᠦ᠃ 1. ᠤᠳᠠᠭᠠᠨ ᠴᠢᠨᠠᠷᠳᠠᠢ ᠬᠤᠳᠤᠭᠤᠳᠤᠨ ᠦᠷᠪᠢᠰᠦᠯ ᠎ ᠲᠠᠢ ᠡᠪᠡᠳᠴᠢᠳᠡᠨ︔2. ᠬᠤᠳᠤᠭᠤᠳᠤᠨ ᠰᠢᠷᠬᠠᠯᠠᠭ᠎ᠠ ᠢᠯᠠᠩᠭᠤᠶ᠎ᠠ ᠨᠤᠭᠤᠯᠤᠷ ᠭᠡᠳᠡᠰᠤᠨ ᠤ ᠪᠦᠮᠪᠦᠭᠡᠨ ᠬᠡᠰᠡᠭ ᠤᠨ ᠰᠢᠷᠬᠠᠯᠠᠭ᠎ᠠ ᠳᠤ ᠨᠡᠷᠪᠡᠭᠳᠡᠭᠰᠡᠳ︔3. ᠰᠢᠭᠡᠰᠦᠨ ᠵᠠᠮ ᠤᠨ ᠴᠢᠯᠠᠭᠤᠵᠢᠯ ᠲᠠᠢ ᠡᠪᠡᠳᠴᠢᠳᠡᠨ          ︔ 4. ᠡᠯᠢᠭᠡᠨ ᠦᠷᠪᠢᠰᠦᠯ ᠲᠠᠢ ᠡᠪᠡᠳᠴᠢᠳᠡᠨ︔ 5. ᠰᠠᠯᠪᠦᠷᠢ ᠮᠦᠭᠡᠷᠰᠤᠨ ᠬᠤᠭᠤᠯᠠᠢ ᠶᠢᠨ ᠲᠡᠯᠡᠭᠳᠡᠯ ᠎ ᠲᠠᠢ ᠡᠪᠡᠳᠴᠢᠳᠡᠨ︔ 6. ᠠᠭᠤᠰᠬᠢᠨ ᠤ ᠪᠤᠭᠯᠠᠭ᠎ᠠ ᠲᠠᠢ ᠡᠪᠡᠳᠴᠢᠳᠡᠨ︔7. ᠡᠯᠢᠭᠡᠨ ᠬᠠᠳᠠᠭᠤᠷᠠᠯ ᠲᠠᠢ ᠡᠪᠡᠳᠴᠢᠳᠡᠨ︔ 8. ᠰᠢᠯᠤᠭᠤᠨ ᠭᠡᠳᠡᠰᠤᠨ ᠤ ᠦᠮᠡᠨ ᠳᠤ ᠨᠡᠷᠪᠡᠭᠳᠡᠭᠰᠡᠳ ᠫᠢᠸᠤ᠋ ᠤᠤᠭᠤᠵᠤ ᠪᠤᠯᠬᠤ ᠦᠭᠡᠢ᠃            
 
ᠢᠷᠡᠯᠲᠡ᠄ ᠠᠯᠠᠱᠠ ᠵᠡᠭᠦᠨ ᠬᠤᠰᠢᠭᠤᠨ ᠤ ᠵᠠᠰᠠᠭ ᠤᠨ ᠣᠷᠳᠣᠨ ᠤ ᠮᠣᠩᠭᠤᠯ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号