ᠠᠩᠬᠠᠷ︕ ᠡᠳᠡᠭᠡᠷ ᠶᠠᠭᠤᠮᠠᠰ  ᠢ ᠨᠠᠶᠢᠵᠠ ᠶᠢᠨ ᠲᠣᠭᠤᠷᠢᠭ ᠲᠤ ᠪᠠᠨ ᠨᠡᠶᠢᠳᠡᠯᠡᠵᠤ ᠪᠣᠯᠬᠤ ᠦᠭᠡᠢ
ᠨᠡᠶᠢᠲᠡᠯᠡᠭᠰᠡᠨ ᠴᠠᠭ᠄
2024/5/28
                    ᠨᠠᠶᠢᠵᠠ ᠶᠢᠨ ᠲᠣᠭᠤᠷᠢᠭ ᠲᠤ ᠪᠠᠨ ᠰᠡᠭᠦᠳᠡᠷ ᠢᠶᠠᠨ ᠨᠡᠶᠢᠳᠡᠯᠡᠬᠦ ᠳᠤ           ᠶᠠᠮᠠᠷ ᠴᠡᠭᠡᠷ ᠪᠠᠶᠢᠬᠤ ᠪᠣᠶ︖ ᠦᠵᠡᠬᠦ ᠳᠤ ᠰᠠᠨᠠᠭᠠᠨ ᠳᠤ ᠦᠭᠡᠢ ᠵᠠᠷᠢᠮ ᠦᠢᠯᠡ ᠠᠵᠢᠯᠯᠠᠭ᠎ᠠ ᠨᠢ ᠬᠤᠪᠢ ᠬᠥᠮᠦᠨ ᠤ ᠬᠠᠮᠢᠶ᠎ᠠ ᠪᠦᠬᠦᠢ ᠮᠡᠳᠡᠭᠡ ᠵᠠᠩᠭᠢ ᠶᠢ ᠵᠠᠳᠠᠷᠠᠭᠤᠯᠬᠤ ᠮᠠᠭᠠᠳ᠃                     ᠭᠠᠯᠲᠤ ᠲᠡᠷᠭᠡᠨ ᠤ ᠪᠢᠯᠧᠲ᠂ ᠨᠢᠰᠬᠡᠯ ᠤᠨ ᠪᠢᠯᠧᠲ᠂ ᠨᠢᠰᠬᠡᠯ ᠳᠤ           ᠭᠠᠷᠬᠤ           ᠫᠠᠶᠢᠰᠠ ᠪᠠᠨ           ᠨᠠᠶᠢᠵᠠ ᠶᠢᠨ ᠲᠣᠭᠤᠷᠢᠭ ᠲᠤ ᠪᠠᠨ ᠪᠢᠲᠡᠭᠡᠶ ᠨᠡᠶᠢᠳᠡᠯᠡᠬᠡᠷᠠᠢ            ᠨᠢᠰᠬᠡᠯ ᠤᠨ ᠪᠢᠯᠧᠲ ᠪᠣᠯᠤᠨ ᠭᠠᠯᠲᠤ ᠲᠡᠷᠭᠡᠨ ᠤ ᠪᠢᠯᠧᠲ ᠤᠨ           ᠵᠢᠷᠤᠭᠠᠰᠤᠨ ᠺᠣᠳ᠋ ᠪᠤᠶᠤ ᠬᠤᠶᠠᠷ ᠬᠡᠮᠵᠢᠯᠳᠦ ᠺᠣᠳ᠋ ᠲᠤ ᠠᠶᠠᠨᠴᠢᠳ ᠤᠨ ᠬᠤᠪᠢ ᠬᠥᠮᠦᠨ ᠤ ᠮᠡᠳᠡᠭᠡ ᠵᠠᠩᠭᠢ ᠪᠠᠶᠢᠳᠠᠭ᠂ ᠡᠭᠦᠨ ᠳᠤ ᠪᠡᠶ᠎ᠡ ᠶᠢᠨ ᠦᠨᠡᠮᠯᠡᠯ ᠤᠨ ᠨᠣᠮᠧᠷ ᠵᠡᠷᠭᠡ ᠪᠠᠭᠲᠠᠨ᠎ᠠ᠂ ᠳᠡᠭᠡᠳᠦ ᠰᠢᠨᠵᠢᠯᠡᠬᠦ ᠤᠬᠠᠭᠠᠨ ᠮᠡᠷᠭᠡᠵᠢᠯ ᠢ ᠠᠰᠢᠭᠯᠠᠨ ᠬᠤᠪᠢ ᠬᠥᠮᠦᠨ ᠤ ᠮᠡᠳᠡᠭᠡ ᠵᠠᠩᠭᠢ ᠶᠢ ᠬᠤᠯᠠᠭᠠᠶᠢᠯᠠᠨ ᠠᠪᠴᠤ ᠮᠡᠳᠡᠬᠦ ᠪᠣᠯᠤᠯᠴᠠᠭ᠎ᠠ ᠲᠠᠢ᠃                     ᠫᠠᠰᠫᠣᠷᠲ᠂ ᠭᠡᠷ ᠤᠨ ᠲᠦᠯᠬᠢᠭᠦᠷ᠂ ᠲᠡᠷᠭᠡᠨ ᠫᠠᠶᠢᠰᠠ ᠪᠠᠨ ᠨᠠᠶᠢᠵᠠ ᠶᠢᠨ ᠲᠣᠭᠤᠷᠢᠭ ᠲᠤ ᠪᠠᠨ ᠪᠢᠲᠡᠭᠡᠶ ᠨᠡᠶᠢᠳᠡᠯᠡᠬᠡᠷᠠᠢ           ᠡᠳᠡᠭᠡᠷ ᠨᠢ ᠴᠢᠨᠦ ᠲᠤᠲᠤᠷᠬᠠᠢ ᠴᠠᠭ᠂ ᠲᠤᠲᠤᠷᠬᠠᠢ ᠤᠷᠤᠨ           ᠪᠠᠶᠢᠷᠢ ᠶᠢ ᠵᠠᠳᠠᠷᠠᠭᠤᠯᠤᠨ᠎ᠠ᠂ ᠪᠠᠰᠠᠴᠤ           ᠴᠢᠨᠦ ᠠᠮᠢᠳᠤᠷᠠᠯ ᠤᠨ ᠬᠦᠷᠢᠶ᠎ᠡ ᠬᠡᠪᠴᠢᠶ᠎ᠡ ᠶᠢ ᠵᠠᠳᠠᠷᠠᠭᠤᠯᠤᠨ᠎ᠠ᠃                     ᠣᠷᠣᠨ ᠪᠠᠶᠢᠷᠢ ᠪᠠᠨ ᠨᠠᠶᠢᠵᠠ ᠶᠢᠨ ᠲᠣᠭᠤᠷᠢᠭ ᠲᠤ ᠪᠠᠨ ᠪᠢᠲᠡᠭᠡᠶ ᠨᠡᠶᠢᠳᠡᠯᠡᠬᠡᠷᠠᠢ           ᠬᠡᠷᠪᠡ ᠨᠠᠶᠢᠵᠠ ᠶᠢᠨ ᠲᠣᠭᠤᠷᠢᠭ ᠲᠤ ᠪᠠᠨ ᠣᠷᠣᠨ ᠪᠠᠶᠢᠷᠢ ᠶᠢᠨ ᠰᠤᠷᠠᠭ ᠵᠠᠩᠭᠢ ᠲᠠᠢ ᠵᠢᠷᠤᠭ ᠨᠡᠢᠲᠡᠯᠡᠪᠡᠯ᠂ ᠮᠠᠰᠢ ᠦᠨᠡᠨ ᠪᠣᠳᠠᠲᠠᠶ ᠬᠤᠪᠢ ᠬᠥᠮᠦᠨ ᠤ ᠰᠤᠷᠠᠭ           ᠵᠠᠩᠭᠢ ᠶᠢ ᠢᠯᠡᠷᠡᠭᠦᠯᠵᠦ᠂ ᠮᠠᠭᠤ ᠬᠥᠮᠦᠨ ᠤ ᠬᠡᠷᠡᠭ ᠬᠢᠬᠦ ᠳᠤ ᠲᠦᠭᠦᠮ ᠪᠣᠯᠭᠠᠨ᠎ᠠ᠃ ᠬᠡᠦᠬᠡᠳ ᠤᠨ ᠰᠡᠭᠦᠳᠡᠷ ᠵᠢᠴᠢ ᠨᠡᠷ᠎ᠡ ᠪᠠᠨ ᠪᠢᠲᠡᠭᠡᠶ ᠨᠠᠶᠢᠳᠡᠯᠠ᠃ ᠪᠣᠳᠠᠲᠤ ᠠᠮᠢᠳᠤᠷᠠᠯ ᠳᠤᠮᠳᠠ ᠮᠠᠰᠢ ᠣᠯᠠᠨ ᠮᠡᠬᠡᠯᠡᠭᠴᠢ ᠸᠢᠴᠠᠲ ᠤᠨ ︽ᠬᠠᠵᠠᠭᠤ ᠬᠠᠪᠢ ᠶᠢᠨ ᠬᠥᠮᠦᠨ ︵附近的人︶︾ ᠎ ᠢ ᠠᠰᠢᠭᠯᠠᠵᠤ᠂ ᠬᠡᠦᠬᠡᠳ ᠪᠣᠯᠤᠨ‌ᠡᠵᠢ ᠶᠢᠨ ᠬᠢᠨᠢ ᠰᠡᠭᠦᠳᠡᠷ ᠪᠤᠯᠤᠨ ᠨᠡᠷ᠎ᠡ ᠶᠢ ᠬᠤᠯᠠᠭᠠᠶᠢᠯᠠᠨ ᠬᠡᠷᠡᠭᠯᠡᠳᠡᠭ᠃                     ᠨᠠᠰᠤᠲᠠᠨ ᠤ  ᠪᠠᠨ ᠰᠡᠭᠦᠳᠡᠷ ᠢ ᠪᠢᠲᠡᠭᠡᠶ ᠨᠡᠶᠢᠳᠡᠯᠡᠬᠡᠷᠠᠢ           ᠨᠠᠰᠤᠲᠠᠨ ᠤ  ᠪᠠᠨ ᠰᠡᠭᠦᠳᠡᠷ ᠢ ᠳᠡᠯᠭᠡᠪᠡᠯ᠂ ᠮᠠᠭᠤ ᠬᠥᠮᠦᠨ ᠳᠤ ᠲᠠᠨᠢᠭᠳᠠᠬᠤ ᠨᠤᠷᠮ᠎ᠠ ᠨᠢ ᠨᠠᠩ ᠥᠨᠳᠥᠷ ᠪᠠᠶᠢᠳᠠᠭ᠃ ᠬᠡᠷᠪᠡ ᠵᠠᠷᠢᠮ ᠬᠥᠮᠦᠨ ᠭᠡᠨᠡᠳᠲᠡ ᠣᠮᠪᠣᠯᠣ ᠶᠢᠨ ᠨᠡᠷ᠎ᠡ ᠶᠢ ᠬᠡᠯᠡᠵᠦ᠂ ᠳᠠᠬᠢᠨ ᠶᠠᠮᠠᠷ ᠨᠢᠭᠡ ᠬᠤᠳᠠᠯ ᠦᠭᠡ ᠨᠡᠮᠡᠪᠡᠯ᠂ ᠨᠠᠰᠤᠲᠠᠨ ᠢᠶᠠᠷ ᠬᠠᠭᠠᠰ ᠨᠠᠰᠤᠨ ᠤ ᠬᠠᠳᠠᠭᠠᠯᠠᠮᠵᠢ ᠶᠢ ᠭᠠᠷᠭᠠᠭᠤᠯᠵᠤ ᠮᠡᠳᠡᠨ᠎ᠡ᠃
 
ᠢᠷᠡᠯᠲᠡ᠄ ᠠᠯᠠᠱᠠ ᠵᠡᠭᠦᠨ ᠬᠤᠰᠢᠭᠤᠨ ᠤ ᠵᠠᠰᠠᠭ ᠤᠨ ᠣᠷᠳᠣᠨ ᠤ ᠮᠣᠩᠭᠤᠯ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号