ᠠᠮᠢᠳᠤᠷᠠᠯ ᠤᠨ ᠪᠢᠴᠢᠬᠠᠨ ᠰᠤᠷᠭᠠᠯ ᠲᠡᠪᠲᠡᠷ
ᠨᠡᠶᠢᠲᠡᠯᠡᠭᠰᠡᠨ ᠴᠠᠭ᠄
2024/5/28
     ᠴᠢᠪᠴᠢᠨ ᠴᠡᠴᠡᠭ            ᠬᠡᠢ ᠬᠤᠭᠤᠰᠤᠨ ᠬᠦᠰᠡᠯᠡᠩ᠂ ᠤᠬᠠᠭᠠᠨ ᠢ ᠨᠢ ᠤᠯᠳᠠᠬᠤ ᠦᠭᠡᠢ ᠦᠵᠡᠯ ᠰᠠᠨᠠᠭ᠎ᠠ᠂ ᠤᠨᠤᠯ ᠢᠶᠠᠷ ᠲᠠᠷᠢᠬᠢ ᠪᠠᠨ ᠨᠦᠳᠦᠭᠦᠯᠬᠦ ᠪᠠᠷ ᠢᠶᠠᠨ ᠬᠠᠷᠢᠨ ᠡᠶᠢᠮᠦᠷᠬᠦ ᠦᠨᠡᠨᠬᠦ ᠮᠠᠨᠠᠢ ᠠᠮᠢᠳᠤᠷᠠᠯ ᠳᠤ ᠲᠤᠰᠠᠯᠠᠮᠵᠢ ᠪᠤᠯᠬᠤ ᠵᠦᠢᠯ ᠢ ᠮᠡᠳᠡᠬᠦ ᠭᠡᠷᠡᠭᠲᠡᠢ᠃      ᠨᠢᠭᠡ᠂ ᠵᠢᠯ ᠳᠤ ᠨᠢᠭᠡ ᠤᠳᠠᠭ᠎ᠠ ᠨᠠᠷᠠ ᠭᠠᠷᠬᠤ ᠶᠢ ᠦᠵᠡᠭᠡᠷᠡᠢ᠃ ﹇ᠰᠠᠨᠠᠭ᠎ᠠ ᠰᠡᠳᠭᠢᠯ ᠢᠶᠠᠨ ᠠᠷᠢᠭᠤᠳᠬᠠᠬᠤ ᠠᠷᠭ᠎ᠠ ᠴᠢᠮ᠎ᠠ ᠳᠤ  ᠪᠠᠶᠢᠨᠠᠤ︖﹈      ᠬᠤᠶᠠᠷ᠂ ᠬᠦᠮᠦᠨ ᠢ ᠬᠠᠷᠠᠬᠤ ᠳᠤ ᠨᠢᠳᠦ ᠶᠢ ᠨᠢ ᠬᠠᠷᠠᠭᠠᠷᠠᠢ᠃ ﹇ᠢᠲᠡᠭᠡᠯ ᠪᠠᠶᠢᠭᠰᠠᠨ ᠴᠤ ᠭᠡᠰᠡᠨ ᠪᠠᠶᠢᠬᠤ ᠦᠭᠡᠢ ᠴᠦ ᠭᠡᠰᠡᠨ ᠲᠡᠭᠡᠭᠡᠷᠡᠢ﹈      ᠭᠤᠷᠪᠠ᠂ ᠨᠢᠭᠡ ᠵᠦᠢᠯ ᠤᠨ ᠬᠦᠭᠵᠢᠮ ᠢ ᠰᠤᠷᠤᠭᠠᠷᠠᠢ᠃ ﹇ᠨᠢᠭᠡ ᠵᠦᠢᠯ ᠤᠨ ᠠᠪᠢᠶᠠᠰ ᠲᠠᠢ ᠡᠷ᠎ᠠ ᠬᠦᠮᠦᠨ ᠪᠤᠰᠥᠳ ᠠᠴᠠ ᠢᠯᠡᠭᠦᠦ ᠬᠦᠮᠦᠨ ᠤ ᠠᠩᠬᠠᠷᠤᠯ ᠢ ᠲᠠᠲᠠᠳᠠᠭ﹈      ᠳᠦᠷᠪᠡ᠂ ᠬᠠᠪᠤᠷ ᠪᠤᠯᠪᠠᠯ ᠮᠤᠳᠤ ᠲᠠᠷᠢᠭᠠᠷᠠᠢ᠃ ﹇ᠤᠷᠴᠢᠨ ᠠᠬᠤᠢ ᠶᠡᠬᠡᠪᠡᠷ ᠡᠪᠳᠡᠭᠳᠡᠵᠦ ᠪᠠᠶᠢᠭ᠎ᠠ ᠤᠳᠤ ᠦᠶ᠎ᠠ ᠎ ᠳᠤ ᠪᠢᠳᠡᠨᠡᠷ ᠬᠢᠬᠦ ᠬᠡᠷᠡᠭᠲᠡᠢ ᠪᠠᠶᠢᠨ᠎ᠠ﹈      ᠲᠠᠪᠦ᠂ ᠦᠪᠡᠷ ᠢᠶᠠᠨ ᠤᠷᠢᠳᠴᠢᠯᠠᠨ ﹇ᠰᠠᠶᠢᠨᠠᠤ︖﹈ ᠭᠡᠵᠦ ᠬᠡᠯᠡᠭᠡᠷᠡᠢ᠃      ᠵᠢᠷᠭᠤᠭ᠎ᠠ᠂ ᠦᠪᠡᠷ ᠤᠨ ᠪᠠᠶᠢᠳᠠᠯ ᠲᠠᠢ ᠪᠠᠨ ᠲᠤᠬᠢᠷᠠᠯᠴᠠᠭᠰᠠᠨ ᠠᠮᠢᠳᠤᠷᠠᠯ ᠢ ᠬᠢᠬᠦ᠃ ﹇ᠰᠡᠴᠡᠨ ᠦᠭᠡᠨ ᠳᠤ ᠬᠦᠨᠵᠢᠯᠡ ᠶᠢᠨ ᠢᠶᠠᠨ ᠬᠢᠷᠢ ᠪᠠᠷ ᠬᠦᠯ ᠢᠶᠠᠨ ᠵᠢᠭᠢ﹈᠃      ᠳᠤᠯᠤᠭ᠎ᠠ᠂ ᠤᠳᠤ ᠤᠩᠰᠢᠬᠤ ᠦᠭᠡᠢ ᠴᠤ ᠭᠡᠰᠡᠨ ᠰᠠᠶᠢᠨ ᠨᠤᠮ ᠠᠪᠴᠤ ᠲᠠᠯᠪᠢᠬᠤ᠃ ﹇ᠬᠡᠵᠢᠶ᠎ᠡ ᠨᠢᠭᠡᠨ ᠡᠳᠦᠷ ᠤᠩᠰᠢᠬᠤ ᠶᠤᠮ᠂ ᠪᠠᠰᠠ ᠲᠠᠬᠢᠨ ᠲᠠᠬᠢᠨ ᠤᠩᠰᠢᠬᠤ ᠶᠤᠮ﹈᠃      ᠨᠠᠢᠮᠠ᠂ ᠦᠪᠡᠷ ᠢ ᠪᠠᠨ ᠠᠭᠤᠴᠢᠯᠠᠵᠦ ᠰᠤᠷᠬᠤ᠂ ᠪᠤᠰᠥᠳ ᠢ ᠪᠠᠰᠠ ᠠᠭᠤᠴᠢᠯᠠᠵᠦ ᠰᠤᠷᠬᠤ᠃ ﹇ᠮᠠᠨᠤᠰ ᠲᠤ ᠳᠤᠲᠠᠭᠳᠠᠵᠦ ᠪᠠᠶᠢᠭ᠎ᠠ ᠴᠢᠨᠠᠷ ᠪᠢᠰᠢᠦ︖﹈      ᠶᠢᠰᠤ᠂ ᠱᠠᠬᠠᠢ ᠭᠤᠲᠤᠯ ᠢᠶᠠᠨ ᠬᠡᠵᠢᠶᠡᠳᠡ ᠴᠡᠪᠡᠷ ᠰᠠᠶᠢᠬᠠᠨ ᠡᠮᠦᠰᠭᠦ᠃      ᠠᠷᠪᠠ᠂ ᠵᠤᠭᠤᠰ ᠵᠢᠭᠡᠯᠡᠭᠰᠡᠨ ᠪᠠᠶᠢᠪᠠᠯ ᠪᠦᠭᠦᠳᠡ ᠶᠢ ᠨᠢ ᠪᠤᠴᠠᠭᠠᠷᠠᠢ ﹇ᠬᠦᠮᠦᠨ ᠤ ᠢᠲᠡᠭᠡᠯ ᠢ ᠤᠯᠬᠤ ᠪᠤᠯ ᠬᠠᠮᠤᠭ ᠴᠢᠬᠤᠯᠠ ᠤᠴᠢᠷ﹈᠃
 
ᠢᠷᠡᠯᠲᠡ᠄ ᠠᠯᠠᠱᠠ ᠵᠡᠭᠦᠨ ᠬᠤᠰᠢᠭᠤᠨ ᠤ ᠵᠠᠰᠠᠭ ᠤᠨ ᠣᠷᠳᠣᠨ ᠤ ᠮᠣᠩᠭᠤᠯ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号