| | ᠪᠠᠶᠠᠨᠬᠤᠲᠠ ᠶᠢᠨ ᠮᠡᠳᠡᠭᠡ 2024 ᠣᠨ ᠤ ᠠᠯᠠᠱᠠ ᠶᠢᠨ ᠪᠠᠭᠠᠲᠤᠷᠴᠤᠳ ᠤᠨ ᠴᠤᠭᠯᠠᠭᠠᠨ | ᠣᠶᠢᠷᠠᠳᠴᠤ ᠢᠷᠡᠬᠦ ᠳᠤ᠂ ᠬᠦᠰᠡᠯᠡᠩᠲᠦ ᠡᠯᠡᠰᠦ ᠮᠠᠩᠬᠠᠨ ᠤ ᠴᠡᠴᠡᠷᠯᠢᠭ ᠢ ᠠᠷᠠᠴᠢᠯᠠᠨ ᠬᠠᠮᠠᠭᠠᠯᠠᠬᠤ ᠠᠵᠢᠯ ᠶᠠᠭ | ᠶᠠᠭᠠᠷᠠᠯᠲᠠᠢ ᠶᠠᠪᠤᠭᠳᠠᠨ᠂ ᠪᠠᠭᠠᠲᠤᠷᠴᠤᠳ ᠤᠨ ᠴᠤᠭᠯᠠᠭᠠᠨ ᠤ ᠡᠯ᠎ᠡ ᠵᠦᠢᠯ ᠤᠨ ᠠᠵᠢᠯᠯᠠᠭ᠎ᠠ ᠲᠣᠭᠲᠠᠭᠰᠠᠨ | ᠬᠤᠭᠤᠴᠠᠭᠠᠨ ᠳᠤ ᠶᠠᠪᠤᠭᠳᠠᠬᠤ ᠶᠢ ᠪᠠᠲᠤᠯᠠᠬᠤ ᠪᠠᠷ ᠴᠢᠷᠮᠠᠶᠢᠵᠤ ᠪᠠᠶᠢᠨ᠎ᠠ᠃ | ᠬᠦᠰᠡᠯᠡᠩᠲᠦ ᠡᠯᠡᠰᠦ ᠮᠠᠩᠬᠠᠨ ᠤ ᠴᠡᠴᠡᠷᠯᠢᠭ ᠲᠤ ᠲᠣᠮᠣ ᠭᠡᠯᠪᠡᠷᠢ ᠶᠢᠨ ᠮᠠᠰᠢᠨ ᠵᠥᠷᠢᠯᠳᠦᠨ᠂ | ᠠᠷᠠᠴᠢᠯᠠᠨ ᠬᠠᠮᠠᠭᠠᠯᠠᠭᠴᠢᠳ ᠵᠠᠮ ᠤᠨ ᠭᠠᠳᠠᠷᠭᠤ ᠶᠢᠨ ᠡᠯᠡᠰᠦ ᠴᠢᠯᠠᠭᠤ ᠶᠢ ᠴᠡᠪᠡᠷᠯᠡᠨ᠂ ᠭᠦᠳᠦᠶᠢᠭᠰᠡᠨ | ᠬᠤᠲᠣᠶᠢᠭᠰᠠᠨ ᠬᠡᠰᠡᠭ ᠢ ᠲᠡᠭᠰᠢᠯᠡᠵᠦ᠂ ᠵᠠᠮ ᠤᠨ ᠬᠠᠵᠠᠭᠤ ᠶᠢᠨ ᠬᠤᠷᠠᠮᠠᠯ ᠡᠯᠡᠰᠦ ᠶᠢ ᠲᠦᠯᠬᠢᠵᠦ ᠵᠠᠶᠢᠯᠠᠭᠤᠯᠤᠨ᠎ᠠ᠃ | ᠣᠲᠣ ᠪᠤᠯᠲᠠᠯ᠎ᠠ᠂ ᠨᠡᠶᠢᠲᠡ 170 ᠭᠠᠷᠤᠢ ᠬᠥᠮᠥᠨ ᠤᠳᠠᠭ᠎ᠠ ᠵᠣᠬᠢᠶᠠᠨ ᠪᠠᠶᠢᠭᠤᠯᠵᠤ᠂ 100 ᠭᠠᠷᠤᠢ ᠮᠠᠰᠢᠨ | ᠮᠧᠬᠠᠨᠢᠭ ᠢ ᠬᠥᠳᠡᠯᠭᠡᠨ᠂ ᠵᠠᠮ ᠤᠨ ᠭᠠᠳᠠᠷᠭᠤ ᠶᠢ 500 ᠬᠡᠰᠡᠭ 1.5 ᠲᠦᠮᠡᠨ ᠲᠡᠭᠰᠢ ᠳᠥᠷᠪᠡᠯᠵᠢᠨ ᠮᠧᠲᠷ | ᠵᠠᠰᠠᠵᠤ᠂ ᠵᠠᠮ ᠤᠨ ᠬᠤᠷᠠᠮᠠᠯ ᠡᠯᠡᠰᠦ ᠶᠢ 3500 ᠪᠣᠰᠤᠭ᠎ᠠ ᠳᠥᠷᠪᠡᠯᠵᠢᠨ ᠮᠧᠲᠷ ᠴᠡᠪᠡᠷᠯᠡᠵᠡᠢ᠃ | ᠠᠯᠠᠱᠠ ᠵᠡᠭᠦᠨ ᠬᠤᠰᠢᠭᠤᠨ ᠤ ᠵᠠᠮ ᠲᠡᠭᠡᠭᠡᠪᠦᠷᠢ ᠶᠢᠨ ᠬᠠᠮᠠᠭᠠᠯᠠᠯᠲᠠ ᠶᠢᠨ ᠲᠥᠪ ᠤᠨ ᠡᠷᠭᠢᠯᠡᠭᠴᠢ | ᠴᠢᠦ ᠷᠦᠢ᠄ ︽8 ᠰᠠᠷ᠎ᠠ ᠶᠢᠨ 17 ᠤ ᠡᠳᠦᠷ ᠠᠴᠠ ᠪᠢᠳᠡ ᠵᠠᠮ ᠠᠷᠠᠴᠢᠯᠠᠭᠴᠢᠳ ᠢ ᠵᠣᠬᠢᠶᠠᠨ ᠪᠠᠶᠢᠭᠤᠯᠵᠤ᠂ | ᠪᠠᠭᠠᠲᠤᠷᠴᠤᠳ ᠤᠨ ᠴᠤᠭᠯᠠᠭᠠᠨ ᠤ ᠲᠠᠯᠠᠪᠤᠷ ᠤᠨ ᠵᠠᠮ ᠢ ᠴᠡᠪᠡᠷᠯᠡᠵᠦ᠂ 9 ᠰᠠᠷ᠎ᠠ ᠶᠢᠨ ᠡᠬᠢ ᠪᠠᠷ ᠪᠦᠭᠦᠨ ᠢ | ᠳᠠᠭᠤᠰᠬᠠᠬᠤ ᠪᠣᠯᠣᠨ᠎ᠠ᠃ ᠲᠠᠷᠠᠭᠠᠴᠢ ᠶᠢᠨ ᠠᠯᠬᠤᠮ ᠳᠤ᠂ ᠪᠢᠳᠡ S315 ︵ᠪᠠᠶᠠᠨᠬᠤᠲᠠ ᠠᠴᠠ ᠡᠷᠬᠡᠬᠠᠰᠢᠬ᠎ᠠ | ᠬᠦᠷᠬᠦ︶᠂ X759 ︵ᠪᠠᠷᠠᠭᠤᠨ ᠬᠡᠶᠢᠳ ᠠᠴᠠ ᠬᠠᠯᠲᠠᠷ ᠨᠠᠭᠤᠷ ᠬᠦᠷᠬᠦ︶ ᠵᠠᠰᠠᠮᠠᠯ ᠵᠠᠮ᠂ X760 ︵ᠲᠡᠭᠷᠢ | ᠡᠯᠡᠰᠦ ᠪᠠᠯᠭᠠᠰᠤ ᠠᠴᠠ ᠭᠡᠳᠢᠩ ᠬᠦᠷᠬᠦ︶ ᠵᠠᠮ ᠤᠨ ᠭᠠᠳᠠᠷᠭᠤ ᠶᠢ ᠲᠣᠭᠤᠷᠢᠨ ᠪᠠᠶᠢᠴᠠᠭᠠᠬᠤ ᠡᠷᠴᠢᠮ ᠢᠶᠠᠨ | ᠴᠢᠩᠭᠠᠷᠠᠭᠤᠯᠵᠤ᠂ ᠵᠠᠮ ᠤᠨ ᠭᠠᠳᠠᠷᠭᠤ ᠳᠤ ᠢᠯᠡᠷᠡᠭᠰᠡᠨ ᠨᠦᠬᠡ ᠬᠤᠩᠭᠢᠯ᠂ ᠬᠤᠷᠠᠭᠰᠠᠨ ᠡᠯᠡᠰᠦ ᠰᠢᠷᠣᠢ ᠶᠢ ᠴᠠᠭ | ᠲᠤᠬᠠᠢ ᠳᠤᠨᠢ ᠰᠢᠢᠳᠪᠦᠷᠢᠯᠡᠵᠦ᠂ ᠪᠠᠭᠠᠲᠤᠷᠴᠤᠳ ᠤᠨ ᠴᠤᠭᠯᠠᠭᠠᠨ ᠤ ᠤᠷᠤᠭᠰᠢᠲᠠᠢ ᠶᠠᠪᠤᠭᠳᠠᠬᠤ ᠶᠢ ᠪᠦᠭᠦ | ᠬᠦᠴᠦᠨ ᠢᠶᠠᠷ ᠬᠠᠮᠠᠭᠠᠯᠠᠨ᠎ᠠ︾ ᠭᠡᠪᠡ᠃ ︵ᠮᠠ ᠰᠢᠶᠣᠣ ᠲᠢᠶᠠᠨ︶ | | |