| — ᠲᠠᠪᠤᠨ ᠵᠠᠭᠤ ᠭᠠᠷᠤᠢ ᠱᠠᠪᠢ ᠲᠠᠢ ᠪᠠᠷᠢᠶᠠᠴᠢ ᠶᠢᠨ ᠠᠮᠢᠳᠤᠷᠠᠯ ᠤᠶᠢᠯᠡᠰ ᠤᠨ ᠶᠠᠪᠤᠳᠠᠯ ᠢ | ᠲᠡᠮᠳᠡᠭᠯᠡᠪᠡ | ᠰᠡᠴᠡᠨ᠂ ᠡᠷᠳᠡᠨᠢᠬᠦᠦ | ᠬᠤᠯᠠᠳᠠᠬᠢᠨ ᠢ ᠲᠤᠭᠳᠠᠭᠠᠭᠴᠢ ᠬᠤᠷᠢᠶ᠎ᠠ ᠳᠤ ᠪᠠᠶᠢᠷᠢᠯᠠᠭ᠎ᠠ ᠵᠠᠮᠳᠡᠭᠴᠦᠳ ᠤᠨ ᠡᠷᠡᠭᠦᠯᠵᠢᠭᠦᠯᠭᠦ ᠢᠯᠢᠯᠭᠡ ᠶᠢᠨ | ᠴᠢᠳᠠᠪᠤᠷᠢ ᠶᠢᠨ ᠪᠤᠯᠪᠠᠰᠤᠷᠠᠯ ᠤᠨ ᠰᠠᠭᠤᠷᠢᠨ ᠭᠠᠵᠠᠷ ᠲᠤ ᠮᠠᠤ ᠪᠠᠭᠠᠨ᠎ᠠ ᠬᠡᠳᠡᠭ ᠬᠠᠷᠠᠭ᠎ᠠ ᠮᠠᠭᠤᠳᠠᠢ ᠪᠠᠷᠢᠶᠠᠴᠢ | ᠢᠯᠢᠵᠦ ᠨᠤᠬᠤᠯᠠᠬᠤ ᠡᠮᠴᠢᠯᠡᠭᠡ ᠬᠢᠵᠦ ᠪᠤᠢ᠃ ᠦᠷᠯᠦᠭᠡ ᠡᠷᠳᠡ ᠶᠢᠨ ᠲᠤᠯᠤᠭᠠᠨ ᠴᠠᠭ ᠠᠴᠠ ᠰᠦᠨᠢ ᠶᠢᠨ ᠨᠠᠢᠮᠠᠨ | ᠴᠠᠭ ᠬᠦᠷᠳᠡᠯ᠎ᠡ ᠡᠳᠡᠨᠡᠶᠢᠬᠢᠨ ᠳᠤ ᠢᠯᠢᠵᠦ ᠨᠤᠬᠤᠯᠠᠭᠤᠯᠬᠤ ᠱᠠᠭᠠᠷᠳᠠᠯᠭ᠎ᠠ ᠲᠠᠢ ᠡᠪᠡᠳᠴᠢᠳᠡᠨ ᠲᠠᠰᠤᠷᠠᠳᠠᠭ ᠦᠭᠡᠢ᠃ | ᠡᠳᠡᠭᠡᠷ ᠡᠪᠡᠳᠴᠢᠳᠡᠨ ᠤ ᠲᠤᠳᠤᠷ᠎ᠠ ᠬᠦᠵᠦᠬᠦᠦ ᠨᠢᠷᠤᠭᠤᠨ ᠤ ᠬᠡᠮ ᠠᠷᠬᠠᠭ ᠲᠠᠢ᠂ ᠬᠤᠳᠤᠭᠤᠳᠤ ᠰᠦᠰᠦᠨ ᠤ | ᠡᠪᠡᠳᠴᠢᠨ ᠲᠠᠢ᠂ ᠴᠢᠰᠤᠨ ᠤ ᠲᠠᠭᠯᠠᠷᠠᠯ ᠤᠨ ᠡᠪᠡᠳᠴᠢᠳᠡᠨ᠂ ᠬᠡᠤᠬᠡᠳ ᠤᠯᠳᠠᠬᠤ ᠦᠭᠡᠢ ᠵᠦᠳᠡᠷᠡᠵᠦ ᠪᠠᠶᠢᠭ᠎ᠠ | ᠬᠦᠮᠦᠰ ᠵᠡᠷᠭᠡ ᠵᠤᠶᠢᠯ ᠪᠦᠷᠢ ᠶᠢᠨ ᠡᠪᠡᠳᠴᠢᠨ ᠤ ᠲᠠᠷᠴᠢᠯᠭᠠᠯ ᠳᠤ ᠵᠦᠳᠡᠷᠡᠭᠰᠡᠨ ᠬᠦᠮᠦᠰ ᠢᠷᠡᠵᠦ ᠡᠮᠴᠢᠯᠡᠭᠡ | ᠬᠦᠰᠡᠳᠡᠭ᠃ ᠬᠠᠶᠠ ᠪᠠᠰᠠ ᠪᠡᠶ᠎ᠡ ᠶᠢᠨ ᠡᠪᠡᠳᠴᠢᠨ ᠢᠶᠠᠨ ᠲᠦᠷ ᠵᠠᠭᠤᠷ᠎ᠠ ᠴᠤ ᠪᠤᠯᠤᠭᠰᠠᠨ ᠬᠦᠩᠭᠡᠷᠡᠬᠦᠯᠵᠦ ᠰᠦᠨᠢ | ᠳᠡᠭᠡᠨ ᠨᠤᠶᠢᠷ ᠲᠠᠢ ᠬᠤᠨᠤᠬᠤ ᠶᠢ ᠬᠦᠰᠡᠭᠰᠡᠨ ᠬᠦᠮᠦᠰ ᠴᠤ ᠪᠤᠢ᠃ ᠮᠠᠤ ᠪᠠᠭᠠᠨ᠎ᠠ ᠲᠡᠳᠡᠨᠡᠷ ᠤᠨ ᠡᠪᠡᠳᠴᠢᠨ | ᠵᠤᠪᠠᠯᠠᠩ ᠢ ᠨᠢ ᠬᠦᠩᠭᠡᠷᠡᠬᠦᠯᠵᠦ᠂ ᠡᠷᠳᠡ ᠨᠢᠭᠡᠨ ᠡᠳᠦᠷ ᠡᠷᠡᠭᠦᠯᠵᠢᠭᠦᠯᠭᠦ ᠶᠢ ᠵᠤᠷᠢᠭᠰᠠᠭᠠᠷ ᠪᠠᠷᠢᠶᠠᠴᠢ ᠶᠢᠨ ᠠᠵᠢᠯ ᠢ | ᠨᠠᠰᠤᠨ ᠲᠤᠷᠰᠢᠳᠠ ᠶᠢᠨ ᠤᠶᠢᠯᠡᠰ ᠢᠶᠠᠨ ᠪᠤᠯᠭᠠᠨ ᠰᠢᠮᠳᠠᠭᠰᠠᠭᠠᠷ ᠢᠷᠡᠵᠡᠢ᠃ | ᠮᠠᠤ ᠪᠠᠭᠠᠨ᠎ᠠ ᠪᠤᠯ ᠠᠯᠠᠱᠠ ᠵᠡᠬᠦᠨ ᠬᠤᠰᠢᠭᠤᠨ ᠤ ᠤᠨᠳᠤᠷᠤᠯᠳᠤ ᠪᠠᠯᠭᠠᠰᠤᠨ ᠤ ᠵᠠᠬᠠᠳᠤᠯᠤᠭᠠᠨ | ᠭᠠᠴᠠᠭᠠᠨ ᠤ ᠤᠤᠭᠠᠯ᠃ 1992 ᠤᠨ ᠠᠴᠠ ᠪᠠᠷᠢᠶᠠᠴᠢ ᠶᠢᠨ ᠠᠵᠢᠯ ᠢᠶᠠᠨ ᠡᠬᠢᠯᠡᠬᠦᠯᠦᠭᠰᠡᠨ ᠠᠴᠠ ᠦᠨᠦ | ᠪᠤᠯᠳᠠᠯ᠎ᠠ ᠲᠤᠭᠠᠯᠠᠭᠠᠳ ᠪᠠᠷᠠᠰᠢ ᠦᠭᠡᠢ ᠤᠯᠠᠨ ᠡᠪᠡᠳᠴᠢᠳᠡᠨ ᠳᠤ ᠢᠯᠢᠵᠦ ᠪᠠᠷᠢᠬᠤ ᠡᠮᠴᠢᠯᠡᠭᠡ ᠬᠠᠩᠭᠠᠵᠦ | ᠦᠭᠬᠦᠭᠰᠡᠨ ᠢᠶᠠᠷ ᠪᠠᠷᠠᠬᠤ ᠦᠭᠡᠢ ᠠᠯᠠᠱᠠ ᠵᠡᠬᠦᠨ ᠬᠤᠰᠢᠭᠤᠨ ᠤ ᠤᠤᠯ ᠤᠨ ᠠᠵᠢᠯ ᠤᠯᠭᠤᠬᠤ ᠲᠤᠪᠴᠢᠶᠠᠨ ᠤ | ᠬᠠᠮᠳᠤᠷᠠᠯᠴᠠᠭ᠎ᠠ ᠪᠠᠷ ᠠᠯᠠᠱᠠ ᠶᠢᠨ ᠵᠡᠮᠳᠡᠭᠴᠦᠳ ᠤᠨ ᠡᠷᠡᠭᠦᠯᠵᠢᠭᠦᠯᠭᠦ ᠢᠯᠢᠯᠭᠡ ᠶᠢᠨ ᠴᠢᠳᠠᠪᠤᠷᠢ ᠶᠢᠨ ᠪᠤᠯᠪᠠᠰᠤᠷᠠᠯ | ᠤᠨ ᠰᠠᠭᠤᠷᠢᠨ ᠭᠠᠵᠠᠷ ᠡᠷᠬᠢᠯᠡᠵᠦ᠂ ᠤᠷᠤᠨ ᠤ ᠲᠤᠳᠤᠨ᠎ᠠ ᠭᠠᠳᠠᠨ᠎ᠠ ᠶᠢᠨ ᠲᠠᠪᠤᠨ ᠵᠠᠭᠤ ᠭᠠᠷᠤᠢ ᠱᠠᠪᠢ | ᠬᠦᠮᠦᠵᠢᠬᠦᠯᠦᠭᠰᠡᠨ ᠴᠢᠳᠠᠪᠤᠷᠢᠳᠠᠢ ᠪᠠᠷᠢᠶᠠᠴᠢ ᠶᠤᠮ᠃ | ᠬᠠᠷᠠᠭ᠎ᠠ ᠮᠠᠭᠤᠳᠠᠭᠰᠠᠨ ᠪᠠ ᠢᠷᠡᠭᠡᠳᠦᠢ ᠪᠠᠨ ᠤᠯᠵᠦ ᠬᠠᠷᠠᠭᠰᠠᠨ ᠨᠢ | ᠮᠠᠤ ᠪᠠᠭᠠᠨ᠎ᠠ 1982 ᠤᠨ ᠳᠤ ᠠᠩᠬ᠎ᠠ ᠲᠤᠮᠳᠠᠳᠤ ᠳᠤ ᠰᠤᠷᠤᠯᠴᠠᠵᠦ ᠪᠠᠶᠢᠬᠤ ᠳᠠᠭᠠᠨ ᠨᠢᠭᠡᠨ | ᠤᠳᠠᠭᠠᠨ ᠤ ᠭᠡᠨᠡᠳᠡᠯ ᠢᠶᠠᠷ ᠬᠠᠷᠠᠭ᠎ᠠ ᠪᠠᠨ ᠬᠡᠮᠳᠦᠬᠡᠵᠡᠢ᠃ ᠡᠷ᠎ᠡ ᠬᠦᠴᠦ ᠪᠦᠷᠢᠳᠴᠦ ᠪᠠᠶᠢᠭ᠎ᠠ ᠵᠠᠯᠠᠭᠤ ᠽᠠᠨᠳᠠᠨ | ᠨᠠᠰᠤᠨ ᠳᠤ ᠬᠠᠷᠠᠭ᠎ᠠ ᠮᠠᠭᠤᠳᠠᠴᠢᠬᠠᠨᠠ ᠬᠡᠵᠦ ᠦᠨᠡᠭᠡᠷ ᠬᠠᠷᠠᠰᠠᠯᠳᠠᠢ ᠤᠴᠢᠷ ᠪᠤᠯᠵᠦ᠂ ᠮᠠᠤ ᠪᠠᠭᠠᠨ᠎ᠠ ᠶᠢᠨ ᠰᠡᠳᠬᠢᠯ | ᠳᠤ ᠮᠠᠰᠢ ᠶᠡᠭᠡ ᠰᠢᠨᠠᠯᠭᠠᠯ ᠪᠤᠯᠤᠭᠰᠠᠨ ᠪᠠᠶᠢᠨ᠎ᠠ᠃ ᠬᠡᠪᠡᠴᠦ ᠡᠷᠬᠢᠯᠳᠡ ᠦᠭᠡᠢ ᠤᠷᠴᠢᠯᠠᠩ ᠳᠤ ᠪᠤᠴᠠᠵᠦ ᠴᠢᠳᠠᠬᠤ | ᠦᠭᠡᠢ᠂ ᠵᠤᠭᠰᠤᠵᠦ ᠴᠤ ᠪᠤᠯᠳᠠᠭ ᠦᠭᠡᠢ ᠨᠢ ᠠᠮᠢᠳᠤᠷᠠᠯ ᠤᠨ ᠶᠤᠰᠤ ᠤᠴᠢᠷ ᠠᠴᠠ ᠤᠷᠤᠭᠰᠢᠯᠠᠵᠦ ᠯᠠ ᠶᠠᠪᠤᠬᠤ | ᠬᠡᠷᠡᠭᠳᠡᠢ ᠪᠤᠯᠵᠦ᠂ ᠰᠤᠷᠭᠠᠭᠤᠯᠢ ᠠᠴᠠ ᠪᠠᠨ ᠲᠤᠷᠭᠤᠨ ᠵᠤᠭᠰᠤᠭᠠᠳ ᠬᠦᠮᠦᠨ ᠲᠠᠢ ᠬᠠᠮᠳᠤᠷᠠᠨ ᠬᠦᠳᠡᠭᠡ ᠨᠤᠳᠤᠭ | ᠢᠶᠠᠷ ᠨᠤᠤᠰᠤ ᠨᠤᠯᠤᠤᠷ᠂ ᠠᠷᠠᠰᠤ ᠤᠩᠭᠠᠰᠤ ᠬᠤᠷᠢᠶᠠᠬᠤ ᠠᠷᠠᠯᠵᠢᠶ᠎ᠠ ᠬᠢᠵᠦ ᠶᠠᠪᠤᠵᠡᠢ᠃ ᠲᠡᠭᠡᠬᠦ ᠳᠡᠭᠡᠨ ᠤᠯᠵᠠ | ᠤᠮᠤᠭ ᠲᠠᠢ ᠬᠡᠳᠡᠶᠢᠵᠦ ᠶᠠᠪᠤᠭᠰᠠᠨ ᠤᠳᠠᠭ᠎ᠠ ᠪᠤᠢ᠂ ᠮᠠᠶᠢᠮᠠᠢ ᠱᠦᠬᠦᠭᠳᠡᠵᠦ ᠪᠠᠶᠢᠳᠠᠭ ᠢᠶᠠᠨ ᠦᠬᠡᠶᠢᠬᠢᠭᠰᠡᠨ ᠤᠳᠠᠭ᠎ᠠ | ᠴᠤ ᠪᠤᠢ᠃ | ᠠᠷᠠᠰᠤ ᠨᠤᠤᠰᠤ ᠬᠤᠷᠢᠶᠠᠬᠤ ᠠᠷᠠᠯᠵᠢᠶ᠎ᠠ ᠬᠢᠬᠦ ᠨᠢ ᠬᠠᠷᠠᠭ᠎ᠠ ᠮᠠᠭᠤᠳᠠᠢ ᠲᠡᠬᠦᠨ ᠳᠤ ᠠᠷᠠᠢ | ᠬᠦᠴᠢᠷᠳᠡᠢ ᠰᠠᠨᠠᠭᠳᠠᠭᠰᠠᠨ ᠪᠤᠯᠬᠤᠷ ᠰᠡᠬᠦᠯᠡᠷ ᠨᠢ ᠪᠠᠭ᠎ᠠ ᠰᠠᠭ᠎ᠠ ᠰᠤᠯᠠ ᠠᠵᠢᠯ ᠬᠢᠵᠦ ᠪᠠᠶᠢᠭᠠᠳ ᠬᠦᠷᠭᠡᠨ ᠠᠬ᠎ᠠ | ᠠᠴᠠ ᠪᠠᠨ ᠠᠯᠠᠱᠠ ᠵᠡᠬᠦᠨ ᠬᠤᠰᠢᠭᠤᠨ ᠤ ᠤᠤᠯ ᠤᠨ ᠠᠵᠢᠯ ᠤᠯᠭᠤᠬᠤ ᠲᠤᠪᠴᠢᠶᠠᠨ ᠠᠴᠠ ᠵᠡᠮᠳᠡᠭᠴᠦᠳ ᠲᠤ | ᠵᠤᠷᠢᠭᠤᠯᠤᠭᠰᠠᠨ ᠢᠯᠪᠢᠨ ᠵᠠᠰᠠᠬᠤ ᠡᠮᠨᠡᠯᠭᠡ ᠶᠢᠨ ᠮᠡᠷᠭᠡᠵᠢᠯ ᠢᠶᠠᠷ ᠰᠤᠷᠤᠭᠴᠢ ᠡᠯᠰᠡᠵᠦ ᠪᠠᠶᠢᠬᠤ ᠴᠢᠮᠡᠭᠡ ᠶᠢ ᠤᠯᠵᠦ | ᠰᠤᠨᠤᠰᠤᠭᠠᠳ ︽ᠡᠨᠡ ᠯᠠ ᠨᠠᠳᠠᠳᠤ ᠲᠤᠬᠢᠷᠠᠬᠤ ᠠᠵᠢᠯ ᠪᠠᠶᠢᠨ᠎ᠠ︾ ᠬᠡᠵᠦ ᠪᠤᠳᠤᠮᠠᠭᠴᠠ ᠪᠠᠷᠢᠨ ᠲᠤᠤᠷ᠎ᠠ ᠪᠠᠨ ᠨᠡᠷ᠎ᠡ | ᠮᠡᠳᠡᠬᠦᠯᠵᠡᠢ᠃ | ᠲᠡᠭᠡᠭᠡᠳ ᠯᠠ ᠬᠠᠭᠠᠰ ᠰᠠᠷ᠎ᠠ ᠪᠤᠯᠤᠯ ᠦᠭᠡᠢ ᠬᠦᠬᠡᠬᠤᠳᠠ ᠳᠤ ᠬᠦᠷᠴᠦ ᠡᠮᠨᠡᠯᠭᠡ ᠶᠢᠨ ᠲᠤᠰᠬᠠᠢ | ᠮᠡᠷᠬᠡᠵᠢᠯ ᠤᠨ ᠰᠤᠷᠭᠠᠭᠤᠯᠢ ᠳᠤ ᠬᠤᠶᠠᠷ ᠵᠢᠯ ᠤᠨ ᠰᠤᠷᠤᠯᠴᠠᠯᠭ᠎ᠠ ᠪᠠᠨ ᠡᠬᠢᠯᠡᠬᠦᠯᠵᠡᠢ᠃ ᠰᠠᠶ᠋ᠢᠬᠠᠨ ᠠᠶᠢᠯ ᠬᠡᠷ | ᠪᠤᠯᠵᠦ᠂ ᠡᠬᠡᠨᠡᠷ ᠨᠢ ᠲᠦᠩᠭᠡᠵᠢ ᠰᠠᠷ᠎ᠠ ᠲᠦᠭᠦᠷᠴᠦ ᠪᠠᠶᠢᠭ᠎ᠠ ᠲᠡᠬᠦᠨ ᠳᠤ ᠵᠠᠷᠤᠯᠭ᠎ᠠ ᠮᠦᠩᠬᠦ ᠮᠠᠰᠢ ᠬᠤᠮᠰᠠ | ᠪᠠᠶᠢᠭᠰᠠᠨ ᠪᠤᠯᠪᠠᠴᠤ ᠬᠤᠶᠠᠷ ᠵᠢᠯ ᠤᠨ ᠬᠤᠭᠤᠴᠠᠭᠠᠨ ᠳᠤ ᠡᠮᠡᠭᠳᠡᠢ ᠶᠢᠨ ᠰᠠᠯᠠᠭ᠎ᠠ᠂ ᠰᠤᠳᠠᠰᠤᠨ ᠤ ᠰᠠᠯᠠᠭ᠎ᠠ᠂ | ᠲᠤᠳᠤᠷ ᠰᠠᠯᠠᠭ᠎ᠠ᠂ ᠬᠢᠳᠡᠳ ᠮᠤᠩᠭᠤᠯ ᠡᠮᠨᠡᠯᠭᠡ ᠵᠡᠷᠭᠡ ᠡᠮᠴᠢᠯᠡᠭᠡᠨ ᠤ ᠮᠡᠷᠬᠡᠵᠢᠯ ᠢ ᠲᠤᠤᠱᠳᠠᠢ ᠰᠤᠷᠤᠯᠴᠠᠵᠦ᠂ | ᠪᠠᠷᠢᠶᠠᠴᠢ ᠶᠢᠨ ᠮᠡᠷᠭᠡᠵᠢᠯ ᠤᠨ ᠡᠮᠴᠢᠯᠡᠭᠡᠨ ᠤ ᠦᠨᠡᠮᠯᠠᠯ ᠢᠶᠠᠨ ᠭᠠᠷᠳᠠᠭᠠᠳ᠂ ᠬᠡᠳᠦᠨ ᠠᠯᠬᠤᠮ ᠠᠴᠠ ᠴᠠᠰᠢ ᠲᠤᠳᠤ | ᠤᠯᠵᠦ ᠬᠠᠷᠠᠬᠤ ᠦᠭᠡᠢ ᠪᠦᠳᠡᠬᠢ ᠬᠠᠷᠠᠩᠭᠤᠢ ᠶᠢᠨ ᠲᠤᠮᠳᠠ ᠠᠮᠢᠳᠤᠷᠠᠵᠦ ᠪᠠᠶᠢᠭᠰᠠᠨ ᠢᠶᠠᠨ ᠲᠠᠬᠢᠨ ︽ᠬᠠᠷᠠᠭ᠎ᠠ︾ | ᠪᠠᠨ ᠤᠯᠤᠭᠰᠠᠨ ᠰᠢᠤᠬᠠᠨ ᠪᠤᠯᠵᠦ ᠨᠤᠳᠤᠭ ᠲᠠᠭᠠᠨ ᠪᠤᠴᠠᠵᠦ ᠢᠷᠡᠵᠡᠢ᠃ | ᠢᠯᠢᠯᠭᠡ ᠶᠢᠨ ᠠᠵᠢᠯ ᠢ ᠰᠢᠮᠳᠠᠵᠦ ᠵᠢᠳᠬᠦᠬᠦ ᠤᠶᠢᠯᠡᠰ ᠢᠶᠠᠨ ᠪᠤᠯᠭᠠᠭᠰᠠᠨ ᠨᠢ | ᠮᠠᠤ ᠪᠠᠭᠠᠨ᠎ᠠ ᠢᠯᠢᠯᠭᠡ ᠶᠢᠨ ᠭᠠᠵᠠᠷ ᠡᠷᠬᠢᠯᠡᠬᠦ ᠳᠤ ᠠᠯᠠᠱᠠ ᠳᠤ ᠢᠯᠢᠯᠭᠡ ᠶᠢᠨ ᠠᠵᠢᠯ ᠡᠷᠬᠢᠯᠡᠳᠡᠭ | ᠬᠦᠮᠦᠨ ᠠᠯᠠᠭ᠎ᠠ ᠪᠠᠶᠢᠵᠡᠢ᠃ ᠲᠡᠶᠢᠮᠤ ᠳᠡᠭᠡᠨ ᠢᠯᠢᠯᠭᠡ ᠬᠢᠯᠭᠡᠳᠡᠭ ᠬᠦᠮᠦᠨ ᠴᠤ ᠲᠤᠩ ᠴᠦᠭᠡᠨ᠂ ᠬᠠᠶᠠ ᠨᠢᠭᠡ | ᠡᠪᠡᠳᠴᠢᠳᠡᠨ ᠢᠷᠡᠵᠦ ᠪᠠᠷᠢᠭᠤᠯᠬᠤ ᠳᠤ ᠨᠢᠭᠡ ᠴᠠᠭ ᠪᠠᠷᠢᠵᠦ ᠦᠭᠬᠦᠭᠡᠳ ᠬᠤᠶᠠᠷ ᠵᠤᠭᠤᠰ ᠬᠤᠷᠢᠶᠠᠳᠠᠭ ᠪᠠᠶᠢᠵᠡᠢ᠃ | ᠤᠯᠠᠩᠬᠢ ᠬᠦᠮᠦᠰ ᠬᠠᠷᠠᠭ᠎ᠠ ᠮᠠᠭᠤᠳᠠᠢ ᠬᠦᠮᠦᠨ ᠢᠯᠢᠯᠭᠡ ᠪᠠᠷ ᠲᠠᠮᠵᠢᠨ ᠡᠪᠡᠳᠴᠢᠨ ᠡᠳᠡᠭᠡᠷᠡᠬᠦᠯᠦᠨᠡ ᠬᠡᠳᠡᠭ ᠢ | ᠢᠳᠡᠭᠡᠬᠦ ᠦᠭᠡᠢ᠂ ᠬᠠᠭᠠᠰ ᠡᠳᠦᠷ ᠤᠯᠠᠨ ᠲᠠᠪᠤᠨ ᠵᠤᠶᠢᠯ ᠢ ᠠᠰᠠᠭᠤᠵᠦ ᠰᠤᠷᠠᠭᠯᠠᠴᠢᠬᠠᠭᠠᠳ ᠪᠤᠴᠠᠬᠤ ᠨᠢ ᠤᠯᠠᠨ᠃ | ᠵᠠᠷᠢᠮ ᠤᠴᠢᠷ ᠮᠡᠳᠡᠬᠦ ᠦᠭᠡᠢ ᠨᠤᠳᠤᠭ ᠤᠨ ᠬᠦᠮᠦᠰ ᠨᠢ ︽ᠰᠠᠶ᠋ᠢᠬᠠᠨ ᠠᠷᠠᠰᠤ ᠤᠩᠭᠠᠰᠤ ᠬᠤᠷᠢᠶᠠᠭᠠᠳ ᠶᠠᠪᠤᠵᠦ | ᠪᠠᠶᠢᠭᠰᠠᠨ ᠵᠠᠯᠠᠭᠤ ᠬᠡᠨᠡᠳᠳᠡ ᠭᠠᠷ ᠲᠤᠨᠢ ᠡᠷᠳᠡᠮ ᠤᠷᠤᠴᠢᠬᠠᠨ᠎ᠠ ᠬᠡᠳᠡᠭ ᠯᠠᠪᠳᠠᠢ ᠬᠦᠮᠦᠨ ᠮᠡᠭᠡᠯᠡᠭᠰᠡᠨ ᠠᠵᠢᠯ ᠬᠢᠵᠦ | ᠪᠠᠶᠢᠨ᠎ᠠ︾ ᠬᠡᠵᠦ ᠴᠤ ᠶᠠᠷᠢᠳᠠᠭ ᠪᠠᠶᠢᠵᠡᠢ᠃ | ᠨᠢᠭᠡᠨ ᠤᠳᠠᠭ᠎ᠠ ᠲᠡᠭᠷᠢ ᠡᠯᠡᠰᠦᠨ ᠳᠤ ᠨᠤᠳᠤᠭᠳᠠᠢ ᠳ᠋ᠠᠰᠢ ᠬᠡᠰᠡᠨ ᠡᠪᠦᠭᠡᠨ ᠲᠠᠶᠠᠭ ᠲᠤᠯᠴᠢᠬᠠᠭᠰᠠᠨ | ᠲᠡᠬᠦᠨ ᠤ ᠲᠡᠷᠭᠡᠳᠡ ᠢᠷᠡᠭᠡᠳ ᠬᠠᠭᠠᠰ ᠢᠳᠡᠭᠡᠵᠦ ᠬᠠᠭᠠᠰ ᠰᠡᠵᠢᠭᠯᠡᠭᠰᠡᠨ ᠪᠠᠶᠢᠳᠠᠯ ᠲᠠᠢ ᠠᠷᠪᠠᠭᠠᠳ ᠡᠳᠦᠷ | ᠪᠠᠷᠢᠭᠤᠯᠤᠭᠠᠳ ᠲᠠᠶᠠᠭ ᠢᠶᠠᠨ ᠬᠠᠶᠠᠴᠢᠬᠠᠭᠠᠳ ᠶᠠᠪᠤᠭᠰᠠᠨ ᠳᠤ ᠬᠦᠮᠦᠰ ᠰᠠᠶ᠋ᠢ ᠲᠡᠬᠦᠨ ᠤ ᠡᠷᠬᠢᠯᠡᠵᠦ ᠪᠠᠶᠢᠭ᠎ᠠ | ᠤᠶᠢᠯᠡᠰ ᠢ ᠲᠠᠨᠢᠵᠦ ᠮᠡᠳᠡᠷᠡᠵᠦ ᠡᠬᠢᠯᠡᠭᠰᠡᠨ ᠪᠠᠶᠢᠨ᠎ᠠ᠃ | ᠲᠡᠬᠦᠨ ᠠᠴᠠ ᠬᠤᠶᠢᠰᠢ ᠲᠡᠬᠦᠨ ᠤ ᠢᠯᠢᠵᠦ ᠪᠠᠷᠢᠬᠤ ᠠᠵᠢᠯ ᠤᠨ ᠦᠷᠦᠭᠡᠨ ᠳᠤ ᠢᠷᠡᠵᠦ | ᠡᠪᠡᠳᠴᠢᠨ ᠢᠶᠠᠨ ᠬᠦᠩᠭᠡᠷᠡᠬᠦᠯᠬᠦ ᠬᠦᠮᠦᠨ ᠤᠯᠠᠰᠢᠷᠠᠵᠡᠢ᠃ ᠮᠠᠤ ᠪᠠᠭᠠᠨ᠎ᠠ ᠬᠤᠶᠠᠷ ᠵᠢᠯ ᠤᠨ ᠬᠤᠭᠤᠴᠠᠭ᠎ᠠ ᠲᠠᠢ | ᠡᠮᠨᠡᠯᠭᠡ ᠶᠢᠨ ᠢᠯᠢᠯᠭᠡ ᠶᠢᠨ ᠮᠡᠷᠬᠡᠵᠢᠯ ᠢ ᠲᠤᠳᠤᠷ ᠰᠠᠯᠠᠭ᠎ᠠ᠂ ᠬᠦᠮᠦᠨ ᠤ ᠪᠡᠶ᠎ᠡ ᠶᠢᠨ ᠵᠠᠳᠠᠯᠬᠤᠢ ᠤᠬᠠᠭᠠᠨ᠂ | ᠬᠢᠳᠡᠳ ᠡᠮᠨᠡᠯᠭᠡ ᠲᠠᠢ ᠤᠶᠠᠯᠳᠤᠭᠤᠯᠤᠨ ᠰᠤᠷᠤᠯᠴᠠᠵᠠᠢ᠃ ᠨᠡᠩ ᠴᠦ ᠬᠠᠷᠠᠭ᠎ᠠ ᠮᠠᠭᠤᠳᠠᠢ ᠬᠦᠮᠦᠨ ᠤ ᠬᠤᠷᠤᠭᠤᠨ ᠤ | ᠮᠡᠳᠡᠷᠡᠮᠵᠢ ᠨᠢ ᠡᠩ ᠤᠨ ᠬᠦᠮᠦᠰ ᠠᠴᠠ ᠰᠠᠶᠢᠨ ᠪᠠᠶᠢᠳᠠᠭ ᠪᠤᠯᠬᠤᠷ ᠡᠪᠡᠳᠴᠢᠳᠡᠨ ᠤ ᠰᠤᠳᠠᠰᠤᠨ ᠤ ᠪᠡᠯᠴᠢᠷ ᠤᠯᠬᠤ | ᠳᠠᠭᠠᠨ ᠰᠦᠷᠡᠬᠡᠢ᠃ ᠬᠤᠷᠢ ᠭᠠᠷᠤᠢ ᠵᠢᠯ ᠤᠨ ᠨᠢᠷᠤᠭᠤᠨ ᠤ ᠲᠠᠪᠠᠭ ᠤᠨ ᠮᠦᠯᠳᠦᠷᠦᠯ᠂ ᠬᠦᠵᠦᠬᠦᠨ ᠤ ᠲᠠᠪᠠᠭ ᠤᠨ | ᠮᠦᠯᠳᠦᠷᠦᠯ᠂ ᠦᠶ᠎ᠡ ᠬᠡᠰᠢᠭᠦᠦ ᠳᠤ ᠮᠦᠭᠡᠷᠰᠦ ᠤᠷᠭᠤᠬᠤ ᠮᠡᠳᠦ ᠶᠢᠨ ᠦᠶ᠎ᠡ ᠬᠡᠰᠢᠭᠦᠦ ᠶᠢᠨ ᠡᠪᠡᠳᠴᠢᠳᠡᠨ ᠳᠤ | ᠤᠯᠠᠨᠳᠠ ᠡᠮᠴᠢᠯᠡᠭᠡ ᠬᠢᠭᠰᠡᠨ ᠢᠶᠠᠷ ᠪᠠᠷᠠᠬᠤ ᠦᠭᠡᠢ ᠬᠠᠶᠠ ᠪᠠᠰᠠ ᠰᠠᠪᠠ ᠬᠠᠵᠠᠶᠢᠭᠰᠠᠨ᠂ ᠰᠠᠪᠠ ᠨᠢ ᠲᠤᠷᠤᠭᠰᠢ | ᠰᠠᠭᠤᠭᠰᠠᠨ᠂ ᠰᠠᠪᠠ ᠰᠡᠷᠢᠬᠦᠳᠡᠭᠰᠡᠨ ᠠᠴᠠ ᠪᠤᠯᠤᠭᠰᠠᠨ ᠬᠡᠤᠬᠡᠳ ᠤᠯᠳᠠᠬᠤ ᠦᠭᠡᠢ ᠵᠦᠳᠡᠷᠡᠵᠦ ᠪᠠᠶᠢᠭ᠎ᠠ | ᠪᠦᠰᠡᠭᠦᠶᠢᠴᠦᠳ᠂ ᠬᠤᠳᠤᠭᠤᠳᠤ ᠰᠦᠰᠦ᠂ ᠴᠢᠰᠤᠨ ᠤ ᠲᠠᠭᠯᠠᠷᠠᠯ᠂ ᠴᠢᠰᠦ ᠦᠳᠭᠡᠷᠡᠬᠦ ᠵᠡᠷᠭᠡ ᠠᠷᠬᠠᠭ ᠭᠡᠮ ᠲᠠᠢ | ᠡᠪᠡᠳᠴᠢᠳᠡᠨ ᠴᠤ ᠲᠡᠬᠦᠨ ᠢ ᠡᠷᠢᠵᠦ ᠡᠮᠴᠢᠯᠡᠭᠦᠯᠭᠦ ᠪᠤᠯᠤᠭᠰᠠᠨ ᠪᠠᠶᠢᠨ᠎ᠠ᠃ ᠡᠳᠡᠭᠡᠷ ᠤᠨ ᠲᠤᠳᠤᠷ᠎ᠠ ᠠᠷᠪᠠᠨ ᠬᠡᠳᠦᠨ | ᠡᠳᠦᠷ ᠪᠠᠷᠢᠭᠤᠯᠴᠢᠬᠠᠭᠠᠳ ᠡᠳᠡᠭᠡᠷᠡᠵᠦ ᠪᠤᠴᠠᠭᠰᠠᠨ ᠬᠦᠮᠦᠰ ᠮᠤᠩ ᠦᠭᠡᠢ ᠤᠯᠠᠨ ᠪᠤᠢ᠃ ᠤᠵᠢᠭ ᠡᠪᠡᠳᠴᠢᠨ ᠳᠤ | ᠪᠠᠷᠢᠭᠳᠠᠭᠰᠠᠨ ᠡᠪᠡᠳᠴᠢᠳᠡᠨ ᠠᠷᠪᠠᠨ ᠬᠡᠳᠦᠨ ᠵᠢᠯ ᠢᠶᠠᠷ ᠲᠡᠬᠦᠨ ᠤ ᠲᠡᠨᠳᠡ ᠲᠤᠭᠳᠠᠭᠰᠠᠨ ᠬᠤᠭᠤᠴᠠᠭ᠎ᠠ ᠲᠠᠢ | ᠡᠮᠴᠢᠯᠡᠭᠡ ᠬᠢᠬᠦ ᠨᠢ ᠴᠤ ᠪᠤᠢ᠃ ᠴᠢᠰᠤᠨ ᠤ ᠲᠠᠭᠯᠠᠷᠠᠯ ᠠᠴᠠ ᠪᠤᠯᠵᠦ ᠰᠠᠶᠢᠨ ᠠᠯᠬᠤᠵᠦ ᠴᠢᠳᠠᠬᠤ ᠦᠭᠡᠢ | ᠪᠠᠶᠢᠭᠰᠠᠨ ᠬᠦᠮᠦᠨ ᠰᠠᠷ᠎ᠠ ᠭᠠᠷᠤᠢ ᠪᠠᠷᠢᠭᠤᠯᠴᠢᠬᠠᠭᠠᠳ ᠦᠪᠡᠷ ᠲᠡᠭᠡᠨ ᠠᠯᠬᠤᠵᠦ ᠬᠢᠰᠬᠢᠬᠦ ᠪᠤᠯᠤᠭᠰᠠᠨ ᠵᠢᠱᠢᠶ᠎ᠡ ᠴᠦ | ᠮᠤᠩᠳᠠᠬᠤ ᠦᠭᠡᠢ᠃ | ᠡᠷᠳᠡᠮ ᠢᠶᠠᠨ ᠤᠯᠠᠮᠵᠢᠯᠠᠵᠦ ᠵᠦᠳᠡᠷᠡᠭᠰᠡᠨ ᠢ ᠲᠤᠰᠠᠯᠠᠭᠰᠠᠨ ᠪᠤᠶᠠᠨ ᠤ ᠮᠦᠷ ᠨᠢ | ᠮᠠᠤ ᠪᠠᠭᠠᠨ᠎ᠠ ᠳᠤ ᠲᠠᠪᠤᠨ ᠵᠠᠭᠤ ᠭᠠᠷᠤᠢ ᠱᠠᠪᠢ ᠲᠠᠢ ᠬᠡᠳᠡᠭ ᠪᠤᠯᠪᠠᠴᠤ ᠶᠠᠭ ᠲᠡᠬᠦᠨ ᠤ ᠵᠠᠮᠳᠡᠭᠴᠦᠳ | ᠤᠨ ᠡᠷᠡᠭᠦᠯᠵᠢᠭᠦᠯᠭᠦ ᠢᠯᠢᠯᠭᠡ ᠶᠢᠨ ᠴᠢᠳᠠᠪᠤᠷᠢ ᠶᠢᠨ ᠪᠤᠯᠪᠠᠰᠤᠷᠠᠯ ᠤᠨ ᠰᠠᠭᠤᠷᠢᠨ ᠭᠠᠵᠠᠷ ᠲᠤ ᠪᠤᠯᠪᠠᠰᠤᠷᠠᠯ | ᠬᠦᠷᠳᠡᠵᠦ᠂ ᠮᠡᠷᠬᠡᠵᠢᠯ ᠤᠨ ᠦᠨᠡᠮᠯᠠᠯ ᠠᠪᠤᠭᠰᠠᠨ ᠬᠦᠮᠦᠨ ᠤ ᠲᠤᠭ᠎ᠠ ᠨᠢᠭᠡ ᠮᠢᠩᠭ᠎ᠠ ᠳᠤ ᠲᠦᠭᠦᠵᠦ᠂ ᠡᠬᠦᠨ ᠳᠤ | ᠮᠤᠩᠭᠤᠯ ᠤᠯᠤᠰ ᠤᠨ ᠱᠠᠪᠢ ᠪᠤᠢ᠂ ᠰᠧᠴᠤᠸᠠᠨ ᠵᠡᠷᠭᠡ ᠭᠠᠳᠠᠨ᠎ᠠ ᠮᠤᠵᠢ ᠤᠷᠤᠨ ᠠᠴᠠ ᠢᠷᠡᠵᠦ ᠪᠠᠭᠰᠢ ᠪᠠᠷᠢᠭᠰᠠᠨ | ᠬᠦᠮᠦᠨ ᠴᠤ ᠪᠤᠢ᠃ ᠪᠠᠰᠠ ᠤᠷᠳᠤᠰ ᠂ ᠪᠠᠶᠠᠨᠨᠠᠭᠤᠷ ᠵᠡᠷᠭᠡ ᠵᠡᠷᠭᠡᠯᠡᠳᠡᠭᠡ ᠠᠶᠢᠮᠠᠭ ᠬᠤᠳᠠ ᠠᠴᠠ ᠢᠷᠡᠵᠦ ᠲᠡᠬᠦᠨ | ᠤ ᠢᠯᠢᠯᠭᠡ ᠶᠢᠨ ᠮᠡᠷᠭᠡᠵᠢᠯ ᠢ ᠰᠤᠷᠤᠯᠴᠠᠳᠠᠭ ᠪᠠᠶᠢᠨ᠎ᠠ᠃ ᠠᠯᠠᠱᠠ ᠶᠢᠨ ᠭᠤᠷᠪᠠᠨ ᠬᠤᠰᠢᠭᠤ᠂ ᠬᠤᠶᠠᠷ ᠤᠷᠤᠨ ᠳᠤ | ᠢᠯᠢᠯᠭᠡ ᠶᠢᠨ ᠭᠠᠵᠠᠷ ᠡᠷᠬᠢᠯᠡᠵᠦ ᠪᠠᠶᠢᠭ᠎ᠠ ᠶᠢᠨ ᠬᠥᠮᠥᠰ ᠤᠨ ᠤᠯᠠᠩᠬᠢ ᠨᠢ ᠲᠡᠬᠦᠨ ᠤ ᠭᠠᠷ ᠤᠨ ᠱᠠᠪᠢ ᠶᠤᠮᠰᠠᠨ᠃ | ᠮᠠᠤ ᠪᠠᠭᠠᠨ᠎ᠠ ᠪᠠᠭᠰᠢ ᠶᠢᠨ ᠱᠠᠪᠢᠨᠡᠷ ᠤᠨ ᠲᠤᠳᠤᠷ᠎ᠠ ᠠᠵᠢᠯ ᠤᠨ ᠪᠠᠶᠢᠷᠢ ᠠᠴᠠ ᠪᠠᠨ ᠡᠷᠳᠡ ᠪᠠᠭᠤᠭᠰᠠᠨ ᠬᠦᠮᠦᠰ᠂ | ᠮᠠᠯᠵᠢᠬᠤ ᠶᠢ ᠵᠤᠭᠰᠤᠭᠠᠭᠰᠠᠨ ᠠᠴᠠ ᠬᠤᠳᠠ ᠤᠷᠤᠭᠰᠠᠨ ᠮᠠᠯᠴᠢᠳ᠂ ᠡᠰᠡᠬᠦᠯ᠎ᠡ ᠬᠠᠷᠠᠭ᠎ᠠ ᠦᠭᠡᠢ ᠵᠡᠮᠳᠡᠭ ᠬᠦᠮᠦᠰ | ᠤᠯᠠᠨ ᠪᠠᠶᠢᠳᠠᠭ᠃ ᠲᠡᠷᠡ ᠦᠷᠬᠦᠯᠵᠢ ᠱᠠᠪᠢᠨᠠᠷ ᠲᠠᠭᠠᠨ ︽ᠡᠨᠡ ᠮᠡᠷᠭᠡᠵᠢᠯ ᠢ ᠲᠦᠰᠢᠭᠡᠳ ᠪᠠᠶᠠᠨ ᠡᠷᠬᠢᠮᠰᠦᠭ | ᠠᠮᠢᠳᠤᠷᠠᠵᠦ ᠴᠢᠳᠠᠬᠤ ᠦᠭᠡᠢ ᠴᠤ ᠬᠡᠰᠡᠨ ᠦᠪᠡᠷ ᠤᠨ ᠪᠡᠶ᠎ᠡ ᠪᠠᠨ ᠯᠠᠪᠳᠠᠢ ᠲᠡᠵᠢᠬᠡᠵᠦ ᠬᠦᠷᠦᠨ᠎ᠡ᠃ ᠡᠶᠢᠮᠤ ᠠᠴᠠ | ᠮᠡᠷᠬᠡᠵᠢᠯ ᠰᠤᠷᠬᠤ ᠳᠠᠭᠠᠨ ᠰᠡᠳᠬᠢᠯ ᠲᠠᠯᠪᠢᠵᠦ ᠨᠠᠶᠢᠳᠠᠪᠤᠷᠢᠳᠠᠢ ᠰᠤᠷᠬᠤ ᠬᠡᠷᠡᠭᠳᠡᠢ︾ ᠬᠡᠵᠦ ᠨᠠᠭᠠᠳᠤ ᠵᠠᠬ᠎ᠠ ᠳᠠᠭᠠᠨ | ᠵᠢᠯ ᠭᠠᠷᠤᠢ ᠪᠡᠶ᠎ᠡ ᠪᠠᠷ ᠢᠶᠠᠨ ᠲᠠᠭᠠᠭᠤᠯᠵᠦ ᠭᠠᠷᠳᠠᠨ ᠵᠢᠭᠠᠳᠠᠭ ᠪᠠᠶᠢᠨ᠎ᠠ᠃ | ᠲᠡᠭᠦᠨ ᠤ ᠢᠯᠢᠯᠭᠡ ᠶᠢᠨ ᠴᠢᠳᠠᠪᠤᠷᠢ ᠶᠢᠨ ᠰᠠᠭᠤᠷᠢᠨ ᠭᠠᠵᠠᠷ ᠲᠤ ᠤᠳᠤᠬᠠᠨ ᠳᠤ ᠨᠠᠢᠮᠠᠨ ᠬᠦᠮᠦᠨ | ᠠᠵᠢᠯᠯᠠᠵᠦ ᠰᠤᠷᠤᠯᠴᠠᠨ᠂ ᠲᠤᠭᠳᠠᠭᠰᠠᠨ ᠠᠵᠢᠯᠯᠠᠬᠤ ᠡᠳᠦᠷ ᠲᠠᠢ ᠡᠪᠡᠳᠴᠢᠳᠡᠨ ᠳᠤ ᠢᠯᠢᠯᠭᠡ ᠬᠢᠳᠡᠭ᠃ ︽ | ᠶᠡᠷᠡᠭᠡᠳ ᠤᠨ ᠤ ᠦᠶᠡᠰ ᠦᠶ᠎ᠡ ᠬᠡᠰᠢᠬᠦᠦ ᠶᠢᠨ ᠡᠪᠡᠳᠴᠢᠨ ᠤᠯᠬᠤ ᠨᠢ ᠤᠯᠠᠩᠬᠢ ᠳᠠᠭᠠᠨ ᠲᠠᠪᠢ ᠵᠢᠷᠠ | ᠭᠠᠳᠤᠯᠤᠭᠰᠠᠨ ᠤᠯᠤᠰ ᠤᠳ ᠪᠠᠶᠢᠳᠠᠭ ᠪᠠᠶᠢᠭᠰᠠᠨ᠂ ᠤᠳᠤ ᠬᠠᠷᠢᠨ ᠵᠠᠯᠠᠭᠤᠴᠤᠳ ᠪᠠᠭᠠᠴᠤᠳ ᠦᠶ᠎ᠡ ᠬᠡᠰᠢᠬᠦᠦ ᠶᠢᠨ | ᠡᠪᠡᠳᠴᠢᠨ ᠳᠤ ᠪᠠᠷᠢᠭᠳᠠᠬᠤ ᠪᠤᠯᠵᠡᠢ᠃ ᠮᠠᠨ ᠤ ᠡ᠊ᠨᠳᠡ ᠡᠮᠴᠢᠯᠡᠭᠡ ᠬᠢᠵᠦ ᠪᠠᠶᠢᠭ᠎ᠠ ᠬᠤᠷᠢᠭᠠᠳ ᠨᠠᠰᠤᠨ ᠤ᠂ | ᠭᠤᠴᠢᠭᠠᠳ ᠨᠠᠰᠤᠨ ᠤ ᠵᠠᠯᠠᠭᠤᠴᠤᠳ ᠡᠳᠦᠷ ᠢᠷᠡᠬᠦᠶ᠎ᠡ ᠤᠯᠠᠰᠢᠷᠠᠵᠦ ᠪᠠᠶᠢᠨ᠎ᠠ᠃ ᠵᠠᠷᠢᠮ ᠳᠠᠭᠠᠨ ᠡᠪᠡᠳᠴᠢᠳᠡᠨ | ᠤᠯᠠᠰᠢᠷᠠᠭᠠᠳ ᠭᠠᠭᠴᠠ ᠬᠦᠮᠦᠨ ᠨᠢᠭᠡ ᠡᠳᠦᠷ ᠠᠷᠪᠠᠨ ᠬᠡᠳᠦᠨ ᠬᠦᠮᠦᠨ ᠢ ᠢᠯᠢᠵᠦ ᠨᠤᠬᠤᠯᠠᠬᠤ ᠤᠴᠢᠷ ᠴᠤ | ᠲᠤᠬᠢᠶᠠᠯᠳᠤᠬᠤ ᠪᠤᠯᠵᠡᠢ︾ ᠬᠡᠵᠦ ᠮᠠᠤ ᠪᠠᠭᠠᠨ᠎ᠠ ᠰᠤᠷᠪᠤᠯᠵᠢᠯᠠᠭᠴᠢ ᠳᠤ ᠶᠠᠷᠢᠵᠦ ᠪᠢᠯᠡ᠃ ᠲᠡᠶᠢᠮᠤ ᠪᠤᠯᠬᠤᠷ ᠤᠶᠢᠷ᠎ᠠ | ᠶᠢᠨ ᠬᠡᠳᠦᠨ ᠵᠢᠯ ᠠᠴᠠ ᠲᠡᠳᠡᠨ ᠤ ᠰᠠᠭᠤᠷᠢᠨ ᠭᠠᠵᠠᠷ ᠲᠤ ᠡᠮᠴᠢᠯᠡᠭᠡ ᠬᠢᠬᠦ ᠬᠦᠮᠦᠨ ᠤ ᠲᠤᠭ᠎ᠠ ᠤᠯᠠᠮ ᠶᠢᠨ ᠤᠯᠠᠨ | ᠪᠤᠯᠪᠠ᠃ | ᠬᠦᠮᠦᠰ ᠤᠨ ᠵᠤᠪᠠᠯᠠᠩ ᠢ ᠬᠦᠩᠭᠡᠯᠡᠵᠦ ᠦᠭᠬᠦ ᠠᠵᠢᠯ ᠪᠤᠯᠪᠠᠴᠤ ᠡᠷᠬᠢᠯᠡᠵᠦ ᠪᠠᠶᠢᠭ᠎ᠠ ᠤᠶᠢᠯᠡᠰ | ᠲᠡᠭᠡᠨ ᠲᠦᠰᠢᠭᠯᠡᠨ ᠵᠤᠭᠤᠰ ᠮᠦᠩᠬᠦ ᠤᠯᠵᠦ ᠪᠠᠶᠢᠬᠤ ᠪᠤᠯᠬᠤᠷ ᠮᠠᠤ ᠪᠠᠭᠠᠨ᠎ᠠ ᠶᠠᠳᠠᠷᠠᠵᠦ ᠵᠦᠳᠡᠷᠡᠭᠰᠡᠨ ᠬᠦᠮᠦᠰ ᠲᠤ | ᠲᠡᠮᠵᠢᠯᠭᠡ ᠦᠵᠡᠬᠦᠯᠬᠦ ᠲᠤᠷᠠᠳᠠᠢ᠃ ᠲᠡᠬᠦᠨ ᠤ ᠤᠳᠠᠭᠠᠨ ᠵᠢᠯ ᠤᠨ ᠡᠪᠡᠳᠴᠢᠳᠡᠨ ᠲᠤᠳᠤᠷ᠎ᠠ ᠨᠢᠭᠡ ᠬᠢᠷᠢᠰ ᠬᠤᠶᠠᠩ | ᠳᠤ ᠨᠡᠷᠪᠡᠭᠳᠡᠭᠰᠡᠨ ᠨᠠᠰᠤᠳᠠᠨ ᠪᠤᠢ᠃ ᠬᠡᠳᠦᠶᠢᠪᠡᠷ ᠡᠪᠡᠳᠴᠢᠨ ᠨᠢ ᠲᠡᠩᠳᠡᠬᠦᠦ ᠬᠦᠨᠳᠦᠷᠡᠭᠰᠡᠨ ᠠᠴᠠ ᠪᠦᠷᠢᠮᠦᠰᠦᠨ | ᠢᠯᠡᠷᠢᠰᠢᠭᠦ ᠪᠤᠯᠤᠮᠵᠢ ᠦᠭᠡᠢ ᠪᠤᠯᠪᠠᠴᠤ ᠨᠠᠰᠤᠳᠠᠨ ᠤ ᠪᠦᠬᠦ ᠪᠡᠶ᠎ᠡ ᠨᠢ ᠡᠪᠡᠳᠴᠦ ᠰᠢᠨᠠᠯᠤᠭᠠᠳ ᠵᠢᠯ ᠪᠤᠯᠭᠠᠨ ᠤ | ᠬᠠᠪᠤᠷ ᠤᠨ ᠤᠯᠠᠷᠢᠯ ᠳᠤ ᠬᠤᠷᠢ ᠭᠠᠷᠤᠢ ᠡᠳᠦᠷ ᠤᠨ ᠢᠯᠢᠯᠭᠡ ᠬᠢᠯᠭᠡᠳᠡᠭ᠃ ᠨᠠᠰᠤᠳᠠᠨ ᠨᠢᠭᠡᠨᠳᠡ ᠬᠡᠪᠳᠡᠷᠢ ᠳᠤ | ᠤᠷᠤᠭᠰᠠᠨ ᠪᠤᠯᠬᠤᠷ ᠮᠠᠤ ᠪᠠᠭᠠᠨ᠎ᠠ ᠵᠢᠯ ᠪᠤᠯᠭᠠᠨ ᠡᠩ ᠤᠨ ᠴᠠᠭ ᠤᠨ ᠡᠮᠴᠢᠯᠡᠭᠡᠨ ᠤ ᠰᠤᠶᠢᠳᠭᠡᠯ ᠤᠨ ᠬᠠᠭᠠᠰ ᠠᠴᠠ | ᠲᠤᠤᠷ᠎ᠠ ᠦᠨ᠎ᠡ ᠪᠠᠷ ᠭᠡᠷ ᠲᠤᠨᠢ ᠤᠴᠢᠵᠦ ᠢᠯᠢᠯᠬᠡ ᠬᠢᠵᠦ ᠦᠭᠳᠡᠭ ᠪᠠᠶᠢᠨ᠎ᠠ᠃ ᠦᠪᠡᠷ ᠲᠡᠭᠡᠨ ᠴᠤ ᠬᠦᠳᠡᠯᠵᠦ | ᠰᠠᠭᠤᠬᠤ ᠳᠠᠭᠠᠨ ᠲᠦᠬᠦᠮ ᠦᠭᠡᠢ ᠬᠠᠷᠠᠭ᠎ᠠ ᠮᠠᠭᠤᠳᠠᠢ ᠪᠤᠯᠪᠠᠴᠤ ᠡᠳᠦᠷ ᠪᠦᠷᠢ ᠲᠤᠭᠳᠠᠭᠰᠠᠨ ᠴᠠᠭ ᠢᠶᠠᠨ ᠶᠡᠷᠦ | ᠠᠯᠳᠠᠳᠠᠭ ᠦᠭᠡᠢ ᠬᠡᠨ᠎ᠡ᠃ | ︽ᠦᠨᠡᠨᠳᠡᠭᠡᠨ ᠦᠶ᠎ᠡ ᠬᠡᠰᠢᠬᠦᠦ ᠶᠢᠨ ᠡᠪᠡᠳᠴᠢᠨ ᠤᠯᠬᠤ ᠭᠤᠤᠯ ᠰᠢᠯᠳᠠᠭᠠᠨ ᠨᠢ ᠡᠪᠡᠳᠴᠢᠳᠡᠨ ᠤ | ᠬᠤᠪᠢ ᠪᠡᠶ᠎ᠡ ᠶᠢᠨ ᠠᠮᠢᠳᠤᠷᠠᠯ ᠤᠨ ᠲᠠᠳᠬᠠᠯ ᠠᠴᠠ ᠪᠤᠯᠳᠠᠭ᠃ ᠬᠠᠭᠤᠴᠢᠨ ᠳᠤ ᠬᠦᠮᠦᠰ ᠠᠵᠢᠯ ᠬᠦᠳᠡᠯᠮᠦᠷᠢ ᠳᠤ | ᠢᠳᠡᠪᠬᠢᠳᠡᠢ ᠤᠷᠤᠯᠴᠠᠨ᠎ᠠ᠃ ᠵᠦᠬᠡᠷ ᠨᠢᠭᠡ ᠬᠠᠶᠢᠰᠤ ᠪᠤᠳᠠᠭ᠎ᠠ ᠴᠢᠨᠠᠬᠤ ᠳᠤ ᠴᠤ ᠠᠷᠭᠠᠯ ᠲᠦᠯᠡᠭᠡ ᠪᠠᠨ | ᠤᠶᠢᠷᠠᠳᠤᠭᠤᠯᠵᠦ᠂ ᠤᠯᠠᠨ ᠵᠤᠶᠢᠯ ᠤᠨ ᠠᠵᠢᠯ ᠤᠨ ᠲᠡᠰ ᠲᠠᠷᠠᠭᠠᠯᠠᠯ ᠢᠶᠠᠷ ᠬᠦᠳᠡᠯᠵᠦ ᠪᠠᠶᠢᠮᠠᠨ ᠰᠠᠶ᠋ᠢ ᠠᠮᠠᠨ ᠳᠤ | ᠬᠦᠷᠦᠨ᠎ᠡ᠃ ᠤᠳᠤ ᠶᠠᠭᠤ ᠶᠢ ᠴᠤ ᠲᠦᠬᠦᠮᠴᠢᠯᠡᠬᠦ ᠪᠤᠯᠤᠭᠰᠠᠨ ᠠᠴᠠ ᠬᠦᠮᠦᠰ ᠤᠨ ᠬᠦᠳᠡᠯᠭᠡᠭᠡᠨ ᠬᠢᠭᠦ ᠨᠢ | ᠴᠥᠭᠡᠷᠡᠵᠡᠢ᠃ ᠤᠤᠯ ᠨᠢ ᠵᠠᠮ ᠬᠦᠭᠡᠭᠡᠬᠦ ᠳᠡᠭᠡᠨ ᠲᠡᠮᠡᠭᠡ ᠮᠤᠷᠢ ᠤᠨᠤᠬᠤ ᠪᠤᠶᠤ ᠶᠠᠪᠠᠭᠠᠨ ᠠᠯᠬᠤᠳᠠᠭ ᠪᠠᠶᠢᠭᠰᠠᠨ᠂ | ᠤᠳᠤ ᠬᠦᠳᠡᠯᠪᠡᠯ ᠲᠡᠷᠭᠡ ᠮᠠᠰᠢᠨ ᠪᠤᠯᠤᠭᠰᠠᠨ ᠠᠴᠠ ᠶᠠᠪᠠᠭᠠᠨ ᠠᠯᠬᠤᠵᠦ᠂ ᠬᠦᠶᠦᠵᠦ ᠬᠦᠳᠡᠯᠬᠦ ᠨᠢ ᠲᠤᠩ ᠴᠦᠭᠡᠨ | ᠪᠤᠯᠵᠡᠢ᠃ ᠲᠡᠭᠡᠭᠡᠳ ᠪᠠᠰᠠ ᠰᠢᠨᠵᠢᠯᠡᠭᠡ ᠮᠡᠷᠬᠡᠵᠢᠯ ᠬᠦᠭᠵᠢᠭᠰᠡᠨ ᠠᠴᠠ ᠺᠤᠮᠫᠢᠦ᠋ᠲ᠋ᠧᠷ᠂ ᠭᠠᠷ ᠤᠳᠠᠰᠤᠨ ᠠᠴᠠ | ᠡᠳᠦᠷᠵᠢᠨ ᠰᠠᠯᠬᠤ ᠦᠭᠡᠢ ᠪᠤᠯᠬᠤᠷ ᠤᠳᠠᠭᠠᠨ ᠳᠠᠭᠠᠨ ᠦᠶ᠎ᠡ ᠬᠡᠰᠢᠭᠦᠦ ᠶᠢᠨ ᠡᠪᠡᠳᠴᠢᠨ ᠤᠯᠬᠤ ᠨᠢ ᠶᠠᠷᠢᠶᠠᠨ | ᠦᠭᠡᠢ ᠶᠠᠪᠤᠳᠠᠯ ᠪᠤᠯᠵᠠᠢ᠃ ᠬᠡᠯᠡᠯᠭᠡᠨ ᠦᠭᠡᠢ ᠪᠠᠰᠠ ᠪᠢᠳᠠᠨ ᠤ ᠡᠳᠦᠷ ᠲᠤᠳᠤᠮ ᠤᠨ ᠢᠳᠡᠭᠡᠨ ᠤᠮᠳᠠᠭᠠᠨ ᠠᠴᠠ | ᠴᠤ ᠪᠤᠯᠤᠭᠰᠠᠨ ᠪᠠᠶᠢᠯᠬᠦᠢ︾ ᠬᠡᠵᠦ ᠦᠶ᠎ᠡ ᠬᠡᠰᠢᠭᠦᠦ ᠶᠢᠨ ᠡᠪᠡᠳᠴᠢᠨ ᠳᠤ ᠡᠳᠦᠷ ᠢᠷᠡᠬᠦᠶ᠎ᠡ ᠤᠯᠠᠨ ᠬᠦᠮᠦᠨ | ᠰᠢᠨᠠᠯᠬᠤ ᠪᠤᠯᠤᠭᠰᠠᠨ ᠳᠤ ᠮᠠᠤ ᠪᠠᠭᠠᠨ᠎ᠠ ᠭᠤᠸᠠᠢ ᠰᠠᠨᠠᠭᠠᠰᠢᠷᠠᠩᠭᠤᠢ ᠶᠠᠷᠢᠵᠦ ᠪᠠᠶᠢᠯ᠎ᠠ᠃ | ᠨᠢᠭᠡᠨ ᠬᠡᠳᠦᠨ ᠮᠧᠲᠷ ᠤᠨ ᠴᠠᠭᠠᠳᠠᠢ ᠪᠠᠶᠢᠭ᠎ᠠ ᠵᠤᠶᠢᠯᠡᠰ ᠢ ᠦᠵᠡᠵᠦ ᠴᠢᠳᠠᠬᠤ᠂ ᠦᠩᠭᠡᠳᠦ ᠤᠷᠴᠢᠯᠠᠩ ᠤᠨ | ᠬᠡᠬᠡᠨ ᠰᠠᠶᠢᠬᠠᠨ ᠢ ᠲᠠ ᠪᠢᠳᠠᠨ ᠤ ᠤᠯᠵᠦ ᠬᠠᠷᠠᠳᠠᠭ ᠲᠠᠢ ᠠᠳᠠᠯᠢ ᠪᠠᠷ ᠤᠯᠵᠦ ᠬᠠᠷᠠᠬᠤ ᠨᠦᠬᠦᠴᠡᠯ ᠦᠭᠡᠢ | ᠪᠤᠯᠤᠭᠰᠠᠨ ᠬᠠᠷᠠᠭ᠎ᠠ ᠮᠠᠭᠤᠳᠠᠢ ᠪᠠᠷᠢᠶᠠᠴᠢ ᠶᠢᠨ ᠠᠮᠢᠳᠤᠷᠠᠯ ᠤᠶᠢᠯᠡᠰ ᠤᠨ ᠮᠦᠷ ᠨᠢ ᠡᠨᠡ ᠪᠢᠯᠡ᠃ ᠬᠡᠳᠦᠶᠢᠪᠡᠷ | ᠠᠮᠢᠳᠤᠷᠠᠬᠤ ᠶᠢᠨ ᠲᠦᠯᠦᠭᠡ ᠬᠡᠵᠦ ᠡᠨᠡ ᠮᠡᠷᠬᠡᠵᠢᠯ ᠢ ᠰᠤᠩᠭᠤᠭᠰᠠᠨ ᠪᠤᠯᠪᠠᠴᠤ ᠦᠢ ᠤᠯᠠᠨ ᠡᠪᠡᠳᠴᠢᠳᠡᠨ ᠢ | ᠡᠮᠴᠢᠯᠡᠵᠦ᠂ ᠥᠭᠬᠢᠶᠡᠮᠦᠷ ᠬᠠᠶᠢᠷ᠎ᠠ᠂ ᠠᠷᠢᠭᠤᠨ ᠬᠦᠳᠡᠯᠮᠦᠷᠢ ᠪᠠᠷ ᠢᠶᠠᠨ ᠲᠡᠭᠵᠢᠷᠡᠵᠦ᠂ ᠬᠢᠵᠦ ᠶᠠᠪᠤᠭ᠎ᠠ ᠤᠶᠢᠯᠡᠰ | ᠢᠶᠠᠨ ᠬᠦᠨᠳᠦᠯᠡᠵᠦ ᠰᠢᠮᠳᠠᠵᠦ ᠶᠠᠪᠤᠭ᠎ᠠ ᠨᠢ ᠦᠨᠡᠭᠡᠷ ᠪᠢᠰᠢᠷᠡᠬᠦᠰᠢᠳᠡᠢ︕ | | ᠮᠠᠤ ᠪᠠᠭᠠᠨ᠎ᠠ ᠤᠳᠠᠭᠠᠨ ᠵᠢᠯ ᠤᠨ ᠡᠷᠡᠭᠦᠯᠵᠢᠭᠦᠯᠭᠦ ᠢᠯᠢᠯᠭᠡ ᠬᠢᠭᠰᠡᠨ ᠲᠤᠷᠰᠢᠯᠭ᠎ᠠ ᠪᠠᠨ ᠦᠨᠳᠦᠰᠦᠯᠡᠵᠦ | ᠤᠩᠰᠢᠭᠴᠢ ᠤᠯᠠᠨ ᠳᠤ ᠡᠶᠢᠨᠬᠦ ᠰᠠᠨᠠᠭᠤᠯᠤᠭᠰᠠᠨ ᠪᠠᠶᠢᠨ᠎ᠠ᠃ | ᠬᠡᠷᠪᠡ ᠤᠷᠳᠤ ᠬᠤᠭᠤᠴᠠᠭ᠎ᠠ ᠪᠠᠷ ᠺᠤᠮᠫᠢᠦ᠋ᠲ᠋ᠧᠷ ᠤᠨ ᠡᠮᠦᠨ᠎ᠡ ᠰᠠᠭᠤᠵᠦ ᠠᠵᠢᠯᠯᠠᠬᠤ ᠱᠠᠭᠠᠷᠳᠠᠯᠭ᠎ᠠ ᠲᠠᠢ | ᠪᠤᠯ ᠨᠢᠭᠡ ᠴᠠᠭ ᠰᠠᠭᠤᠵᠦ ᠠᠵᠢᠯᠯᠠᠭᠰᠠᠨ ᠤ ᠲᠠᠷᠠᠭ᠎ᠠ ᠪᠤᠰᠴᠤ ᠲᠠᠪᠤᠨ ᠮᠢᠨᠦ᠋ᠲ ᠲᠠᠷᠢᠬᠢ ᠪᠠᠨ ᠠᠮᠠᠷᠠᠭᠠᠨ ᠨᠠᠰᠢ | ᠴᠠᠰᠢ ᠠᠯᠬᠤᠬᠤ ᠪᠤᠶᠤ ᠤᠷᠤᠨ ᠳᠠᠭᠠᠨ ᠦᠶ᠎ᠡ ᠬᠡᠰᠢᠬᠦᠦ ᠪᠠᠨ ᠰᠤᠩᠭᠠᠬᠤ ᠲᠠᠮᠢᠷ ᠬᠢᠬᠦ ᠬᠡᠷᠡᠭᠳᠡᠢ᠃ ᠲᠠᠷᠠᠭ᠎ᠠ ᠨᠢ | ᠬᠦᠵᠦᠬᠦᠦ ᠪᠠᠨ ᠡᠮᠦᠨᠡᠰᠢ ᠬᠤᠶᠢᠰᠢ᠂ ᠵᠡᠬᠦᠨᠰᠢ ᠪᠠᠷᠠᠭᠤᠨᠰᠢ ᠬᠦᠳᠡᠯᠬᠡᠵᠦ᠂ ᠮᠦᠷᠦ ᠪᠠᠨ ᠴᠤ ᠡᠮᠦᠨᠡᠰᠢ ᠬᠤᠶᠢᠰᠢ | ᠠᠷᠪᠠᠭᠠᠳ ᠤᠳᠠᠭ᠎ᠠ ᠬᠦᠳᠡᠯᠭᠡᠨ᠎ᠡ᠃ ᠭᠠᠷ ᠤᠳᠠᠰᠤᠨ ᠠᠴᠠ ᠪᠤᠯᠤᠭᠰᠠᠨ ᠬᠦᠵᠦᠬᠦᠦ ᠮᠦᠷᠦᠨ ᠤ ᠡᠪᠡᠳᠴᠢᠳᠡᠨ | ᠡᠳᠦᠷ ᠢᠷᠡᠬᠦᠶ᠎ᠡ ᠤᠯᠠᠰᠢᠷᠠᠭᠰᠠᠨ ᠠᠴᠠ ᠭᠠᠷ ᠤᠳᠠᠰᠤ ᠬᠠᠷᠠᠬᠤ ᠴᠠᠭ ᠢᠶᠠᠨ ᠠᠯᠢ ᠪᠤᠯᠬᠤ ᠪᠠᠷ ᠪᠠᠭᠠᠰᠬᠠᠬᠤ ᠬᠡᠷᠡᠭᠳᠡᠢ | ᠃ | ᠬᠡᠷᠪᠡ ᠬᠦᠵᠦᠬᠦᠦ ᠮᠦᠷᠦᠨ ᠤ ᠡᠪᠡᠳᠴᠢᠨ ᠳᠤ ᠨᠡᠷᠪᠡᠭᠳᠡᠭᠰᠡᠨ ᠪᠤᠯ ᠴᠠᠭ ᠲᠤᠬᠠᠢ ᠳᠤᠨᠢ ᠡᠮᠨᠡᠯᠭᠡ ᠳᠤ | ᠤᠴᠢᠵᠦ ᠦᠵᠡᠬᠦᠯᠦᠨ ᠬᠦᠨᠳᠦᠷᠡᠭᠡ ᠦᠭᠡᠢ ᠪᠠᠶᠢᠬᠤ ᠳᠤᠨᠢ ᠲᠤᠭᠳᠠᠭᠰᠠᠨ ᠴᠠᠭ ᠲᠠᠢ ᠢᠯᠢᠯᠭᠡ ᠬᠢᠬᠦ ᠪᠤᠶᠤ ᠲᠤᠰᠬᠠᠢ | ᠪᠤᠯᠪᠠᠰᠤᠷᠠᠯ ᠬᠢᠬᠦ ᠬᠡᠷᠡᠭᠳᠡᠢ᠃ ᠠᠯᠢᠪᠠ ᠠᠮᠢᠳᠠᠨ᠂ ᠡᠪᠡᠰᠦ ᠤᠷᠭᠤᠮᠠᠯ ᠬᠠᠪᠤᠷ ᠤᠨ ᠤᠯᠠᠷᠢᠯ ᠳᠤ ᠠᠮᠢᠵᠢᠷᠠᠯ ᠤᠯᠳᠠᠭ | ᠲᠠᠢ ᠠᠳᠠᠯᠢ ᠬᠤᠶᠠᠩ ᠬᠤᠷᠠᠵᠦ᠂ ᠬᠦᠴᠡ ᠤᠷᠭᠤᠬᠤ ᠴᠠᠭ ᠨᠢ ᠴᠤ ᠬᠠᠪᠤᠷ ᠪᠠᠶᠢᠳᠠᠭ ᠪᠤᠯᠬᠤᠷ ᠠᠯᠢ ᠪᠤᠯᠬᠤ ᠪᠠᠷ | ᠵᠢᠯ ᠪᠤᠯᠭᠠᠨ ᠤ ᠬᠠᠪᠤᠷ ᠤᠨ ᠤᠯᠠᠷᠢᠯ ᠳᠤ ᠡᠮᠴᠢᠯᠡᠭᠡ ᠬᠢᠪᠡᠯ ᠨᠡᠩ ᠰᠠᠶᠢᠨ᠃ | | | ᠁ |