﹇ᠨᠠᠮ ᠤᠨ ᠲᠡᠤᠬᠡ﹈ ᠮᠠᠤ ᠽᠧ ᠳ᠋ᠦᠩ ︽ᠺᠠᠳ᠋ᠷᠴᠤᠳ ᠤᠨ ᠵᠠᠪᠠᠯ ᠤᠩᠰᠢᠬᠤ ᠨᠣᠮ︾ ᠎ ᠢ ᠲᠣᠭᠲᠠᠭᠠᠭᠰᠠᠨ ᠨᠢ
ᠨᠡᠶᠢᠲᠡᠯᠡᠭᠰᠡᠨ ᠴᠠᠭ᠄
2024/5/29
       ᠯᠢᠶᠣᠤ ᠱᠧᠨ ᠤ ᠳᠠᠶᠢᠯᠠᠯᠳᠤᠭᠠᠨ᠂ ᠬᠤᠸᠠᠢ ᠬᠠᠢ ᠶᠢᠨ ᠳᠠᠶᠢᠯᠠᠯᠳᠤᠭᠠᠨ᠂ ᠫᠢᠩ ᠶᠢᠨ ᠤ ᠳᠠᠶᠢᠯᠠᠯᠳᠤᠭᠠᠨ ᠳᠠᠭᠤᠰᠴᠤ᠂ ᠳᠤᠮᠳᠠᠳᠤ ᠤᠯᠤᠰ ᠤᠨ ᠬᠤᠪᠢᠰᠬᠠᠯ ᠤᠳᠠᠯ ᠦᠭᠡᠢ ᠢᠯᠠᠯᠲᠠ ᠣᠯᠬᠤ ᠭᠡᠵᠦ ᠪᠠᠶᠢᠭ᠎ᠠ ᠦᠶ᠎ᠡ ᠳᠤ᠂ ᠰᠢᠨ᠎ᠡ ᠳᠤᠮᠳᠠᠳᠤ ᠤᠯᠤᠰ ᠤᠨ ᠠᠤᠭ᠎ᠠ ᠲᠥᠰᠥᠪ ᠢ ᠵᠢᠷᠤᠭᠯᠠᠬᠤ ᠶᠢᠨ ᠲᠥᠯᠥᠭᠡ᠂ ᠨᠠᠮ ᠤᠨ ᠲᠥᠪ ᠬᠤᠷᠢᠶ᠎ᠠ 1949 ᠣᠨ ᠤ 3 ᠰᠠᠷ᠎ᠠ ᠳᠤ ᠳᠣᠯᠣᠳᠤᠭᠠᠷ ᠬᠤᠭᠤᠴᠠᠭᠠᠨ ᠤ ᠲᠥᠪ ᠬᠤᠷᠢᠶᠠᠨ ᠤ ᠬᠤᠶᠠᠳᠤᠭᠠᠷ ᠪᠦᠭᠦᠳᠡ ᠬᠤᠷᠠᠯ ᠢ ᠬᠤᠷᠠᠯᠳᠤᠭᠤᠯᠵᠤ᠂ ᠠᠵᠢᠯ ᠤᠨ ᠭᠤᠣᠯᠳᠠᠯᠭ᠎ᠠ ᠪᠠᠨ ᠬᠥᠳᠡᠭᠡ ᠲᠣᠰᠬᠤᠨ ᠠᠴᠠ ᠬᠤᠳᠠ ᠳᠤ ᠰᠢᠯᠵᠢᠭᠦᠯᠦᠨ᠎ᠡ᠂ ᠪᠦᠭᠦ ᠨᠠᠮ ᠢᠶᠠᠷ ᠢᠶᠠᠨ ᠡᠷᠬᠡᠪᠰᠢ ᠲᠤᠶᠢᠯ ᠤᠨ ᠶᠡᠭᠡ ᠴᠢᠷᠮᠠᠶᠢᠯᠭ᠎ᠠ ᠪᠠᠷ ᠬᠤᠳᠠ ᠶᠢ ᠬᠠᠮᠢᠶᠠᠷᠬᠤ ᠪᠠ ᠬᠤᠳᠠ ᠶᠢ ᠪᠦᠲᠦᠭᠡᠨ ᠪᠠᠶᠢᠭᠤᠯᠬᠤ ᠶᠢ ᠰᠤᠷᠬᠤ ᠬᠡᠷᠡᠭᠲᠡᠢ ᠭᠡᠵᠦ ᠳᠤᠷᠠᠳᠴᠠᠢ᠃ ᠪᠠᠶᠢᠳᠠᠯ ᠤᠨ ᠬᠥᠭᠵᠢᠯᠲᠡ ᠶᠢᠨ ᠬᠡᠷᠡᠭᠴᠡᠭᠡ ᠳᠤ ᠵᠣᠬᠢᠴᠠᠭᠤᠯᠵᠤ᠂ ᠪᠦᠭᠦ ᠨᠠᠮ ᠤᠨ ᠤᠯᠤᠰ ᠲᠦᠷᠦ ᠶᠢᠨ ᠤᠨᠤᠯ ᠤᠨ ᠲᠦᠪᠰᠢᠨ ᠢ ᠳᠡᠭᠡᠭᠰᠢᠯᠡᠭᠦᠯᠭᠦ ᠶᠢᠨ ᠲᠥᠯᠥᠭᠡ᠂ ᠨᠠᠮ ᠤᠨ ᠲᠥᠪ ᠬᠤᠷᠢᠶ᠎ᠠ 12 ᠳᠡᠪᠲᠡᠷ ᠺᠠᠳ᠋ᠷ ᠤᠨ ᠰᠤᠷᠤᠯᠴᠠᠬᠤ ᠴᠢᠬᠤᠯᠠᠲᠠᠢ ᠮᠠᠷᠺᠰ ᠯᠧᠨᠢᠨ ᠤ ᠦᠵᠡᠯ ᠤᠨ ᠵᠣᠬᠢᠶᠠᠯ ᠢ ᠲᠠᠭᠢᠨ ᠨᠠᠶᠢᠷᠠᠭᠤᠯᠤᠨ ᠬᠢᠨᠠᠵᠤ᠂ ᠮᠠᠤ ᠽᠧ ᠳ᠋ᠦᠩ ᠪᠠᠰᠠ ᠲᠤᠰᠬᠠᠶᠢᠯᠠᠨ ᠡᠨᠡ ᠬᠦ ᠨᠣᠮ ᠳᠤ ︽ᠺᠠᠳ᠋ᠷ ᠤᠨ ᠵᠠᠪᠠᠯ ᠤᠩᠰᠢᠬᠤ ᠨᠣᠮ︾ ᠭᠡᠬᠦ ᠲᠦᠷᠪᠡᠨ ᠦᠰᠦᠭ ᠢ ᠨᠡᠮᠡᠵᠦ ᠥᠭᠴᠡᠢ᠃      ᠡᠳᠡᠭᠡᠷ ︽ᠺᠠᠳ᠋ᠷᠴᠤᠳ ᠤᠨ ᠵᠠᠪᠠᠯ ᠤᠩᠰᠢᠬᠤ ᠨᠣᠮ︾᠎ ᠳᠤ ︽ᠨᠡᠶᠢᠭᠡᠮ ᠤᠨ ᠬᠥᠭᠵᠢᠯᠲᠡ ᠶᠢᠨ ᠲᠡᠦᠬᠡ︾᠂ ︽ᠤᠯᠤᠰ ᠲᠦᠷᠦ ᠠᠵᠤ ᠠᠬᠤᠢ ᠶᠢᠨ ᠤᠬᠠᠭᠠᠨ︾᠂ ︽ᠡᠪ ᠬᠠᠮᠲᠤ ᠨᠠᠮ ᠤᠨ ᠲᠤᠩᠬᠠᠭ︾᠂ ︽ᠨᠡᠶᠢᠭᠡᠮ ᠵᠢᠷᠤᠮ ᠬᠡᠢ ᠪᠤᠳᠤᠯ ᠠᠴᠠ ᠰᠢᠨᠵᠢᠯᠡᠬᠦ ᠤᠬᠠᠭᠠᠨ ᠪᠣᠯᠵᠤ ᠬᠥᠭᠵᠢᠭᠰᠡᠨ ᠨᠢ︾᠂ ︽ᠡᠵᠡᠷᠬᠡᠭ ᠲᠦᠷᠢᠮᠡᠬᠡᠢ ᠦᠵᠡᠯ ᠪᠣᠯ ᠬᠥᠷᠥᠩᠭᠡᠲᠦ ᠶᠣᠰᠣᠨ ᠤ ᠬᠠᠮᠤᠭ ᠤᠨ ᠳᠡᠭᠡᠳᠦ ᠱᠠᠲᠤ ᠦᠶ᠎ᠡ ᠮᠥᠨ︾᠂ ︽ᠲᠦᠷᠦ ᠪᠠ ᠬᠤᠪᠢᠰᠬᠠᠯ︾᠂ ︽ᠡᠪ ᠬᠠᠮᠲᠤ ᠶᠢᠨ ᠬᠥᠳᠡᠯᠭᠡᠭᠡᠨ ᠳᠠᠬᠢ ︿ᠵᠡᠭᠦᠨ﹀ ᠎ ᠤ ᠨᠢᠯᠬᠠᠰᠠᠭ ᠡᠪᠡᠳᠴᠢᠨ︾᠂ ︽ᠯᠧᠨᠢᠨ ᠤ ᠦᠵᠡᠯ ᠤᠨ ᠦᠨᠳᠦᠰᠦ ᠎ ᠶᠢ ᠥᠭᠦᠯᠡᠬᠦ ᠨᠢ︾᠂ ︽ᠵᠥᠪᠯᠡᠯᠲᠦ ᠬᠤᠯᠪᠣᠭᠠᠲᠤ ᠤᠯᠤᠰ ᠤᠨ ᠡᠪ ᠬᠠᠮᠲᠤ ︵ᠪᠣᠯᠱᠸᠧᠢᠭ︶ ᠨᠠᠮ ᠤᠨ ᠲᠡᠦᠬᠡ︾ ᠂ ︽ᠯᠧᠨᠢᠨ ᠰᠲ᠋ᠠᠯᠢᠨ ᠨᠡᠶᠢᠭᠡᠮ ᠵᠢᠷᠤᠮ ᠤᠨ ᠪᠦᠲᠦᠭᠡᠨ ᠪᠠᠶᠢᠭᠤᠯᠤᠯᠲᠠ ᠶᠢᠨ ᠲᠤᠬᠠᠢ ᠥᠭᠦᠯᠡᠭᠰᠡᠨ ᠨᠢ︾᠂ ︽ᠯᠧᠨᠢᠨ ᠰᠲ᠋ᠠᠯᠢᠨ ᠳᠤᠮᠳᠠᠳᠤ ᠤᠯᠤᠰ ᠤᠨ ᠲᠤᠬᠠᠢ ᠥᠭᠦᠯᠡᠭᠰᠡᠨ ᠨᠢ︾᠂ ︽ᠮᠠᠷᠺᠰ ᠡᠩᠭᠧᠯᠰ ᠯᠧᠨᠢᠨ ᠰᠲ᠋ᠠᠯᠢᠨ ᠤ ᠦᠵᠡᠯ ᠰᠠᠨᠠᠭ᠎ᠠ ᠠᠷᠭ᠎ᠠ ᠶᠢᠨ ᠤᠨᠤᠯ︾ ᠵᠡᠷᠭᠡ ᠪᠤᠢ᠃ ᠡᠨᠡ 12 ᠳᠡᠪᠲᠡᠷ ᠨᠣᠮ ᠢ ᠰᠤᠷᠤᠯᠴᠠᠬᠤ ᠤᠳᠬ᠎ᠠ ᠠᠭᠤᠯᠭ᠎ᠠ ᠶᠢᠨ ᠲᠤᠬᠠᠢ᠂ ᠮᠠᠤ ᠽᠧ ᠳ᠋ᠦᠩ ᠨᠠᠮ ᠤᠨ ᠳᠣᠯᠣᠳᠤᠭᠠᠷ ᠬᠤᠭᠤᠴᠠᠭᠠᠨ ᠤ ᠲᠥᠪ ᠬᠤᠷᠢᠶᠠᠨ ᠤ ᠬᠤᠶᠠᠳᠤᠭᠠᠷ ᠪᠦᠭᠦᠳᠡ ᠬᠤᠷᠠᠯ ᠤᠨ ᠳ᠋ᠦᠩᠨᠡᠯᠲᠡ ᠳᠤ᠄ ᠮᠠᠷᠺᠰ ᠡᠩᠭᠧᠯᠰ ᠯᠧᠨᠢᠨ ᠰᠲ᠋ᠠᠯᠢᠨ ᠪᠣᠯ ᠪᠠᠭᠰᠢ ᠮᠥᠨ᠂ ᠪᠢᠳᠡ ᠪᠣᠯ ᠰᠤᠷᠤᠬᠴᠢ ᠭᠡᠵᠦ ᠵᠢᠭᠠᠵᠤ ᠭᠠᠷᠭᠠᠵᠠᠢ᠃ ︽ᠠᠷᠪᠠᠨ ᠬᠤᠶᠠᠷ ᠳᠡᠪᠲᠡᠷ ᠺᠠᠳ᠋ᠷ ᠤᠨ ᠵᠠᠪᠠᠯ ᠤᠩᠰᠢᠬᠤ ᠨᠣᠮ ᠤᠨ ᠲᠤᠬᠠᠢ᠂ ᠥᠩᠭᠡᠷᠡᠭᠰᠡᠨ ᠳᠤ ᠪᠢᠳᠡ ᠨᠣᠮ ᠤᠩᠰᠢᠭᠠᠳ ᠵᠣᠬᠢᠬᠤ ᠬᠦᠷᠢᠶ᠎ᠡ ᠬᠡᠪᠴᠢᠶ᠎ᠡ ᠪᠠᠶᠢᠬᠤ ᠦᠭᠡᠢ᠂ ᠮᠠᠰᠢ ᠤᠯᠠᠨ ᠨᠣᠮ ᠣᠷᠴᠢᠭᠤᠯᠤᠭᠰᠠᠨ ᠪᠥᠭᠡᠳ ᠪᠦᠷ ᠲᠠᠷᠬᠠᠭᠠᠵᠠᠢ᠂ ᠤᠳᠤ ᠬᠤᠷᠢ ᠭᠠᠷᠤᠢ ᠵᠢᠯ ᠤᠨ ᠲᠤᠷᠰᠢᠯᠭ᠎ᠠ ᠶᠢ ᠬᠤᠷᠠᠮᠳᠤᠭᠤᠯᠵᠤ᠂ ᠡᠨᠡ ᠠᠷᠪᠠᠨ ᠬᠤᠶᠠᠷ ᠨᠣᠮ ᠢ ᠤᠩᠰᠢᠨ᠎ᠠ ᠭᠡᠳᠡᠭ ᠢ ᠭᠦᠨᠵᠡᠭᠡᠢ ᠣᠶᠢᠯᠠᠭᠠᠵᠤ᠂ ᠭᠤᠷᠪᠠᠨ ᠵᠢᠯ ᠤᠨ ᠳᠣᠲᠣᠷ᠎ᠠ ᠨᠢᠭᠡ ᠠᠴᠠ ᠬᠤᠶᠠᠷ ᠤᠳᠠᠭ᠎ᠠ ᠦᠵᠡᠬᠦ ᠪᠠᠷ ᠲᠣᠭᠲᠠᠭᠠᠪᠠ᠃ ᠮᠠᠷᠺᠰ ᠤᠨ ᠦᠵᠡᠯ ᠢ ᠤᠬᠠᠭᠤᠯᠵᠤ᠂ ᠮᠠᠨ ᠤ ᠮᠠᠷᠺᠰ ᠤᠨ ᠦᠵᠡᠯ ᠤᠨ ᠬᠢᠷᠢ ᠬᠡᠮᠵᠢᠶ᠎ᠡ ᠪᠠᠨ ᠳᠡᠭᠡᠭᠰᠢᠯᠡᠭᠦᠯᠭᠦ ᠳᠤ ᠬᠠᠮᠲᠤ ᠶᠢᠨ ᠲᠠᠨᠢᠯᠲᠠ ᠲᠠᠢ ᠪᠠᠶᠢᠬᠤ ᠬᠡᠷᠡᠭᠲᠡᠢ᠂ ᠮᠠᠨ ᠤ ᠮᠠᠰᠢ ᠤᠯᠡᠠ ᠳᠡᠭᠡᠳᠦ ᠳᠡᠰ ᠤᠨ ᠺᠠᠳ᠋ᠷ ᠨᠠᠷ ᠡᠨᠡ ᠠᠰᠠᠭᠤᠳᠠᠯ ᠤᠨ ᠲᠠᠯ᠎ᠠ ᠪᠠᠷ ᠤᠳᠦ ᠪᠤᠯᠲᠠᠯ᠎ᠠ ᠬᠠᠮᠲᠤ ᠶᠢᠨ ᠲᠠᠨᠢᠯᠲᠠ ᠲᠠᠢ ᠪᠣᠯᠣᠭᠠᠳᠤᠢ ᠪᠠᠶᠢᠨ᠎ᠠ᠃ ᠬᠡᠷᠪᠡ ᠬᠤᠶᠢᠰᠢᠳᠠ ᠶᠢᠨ ᠭᠤᠷᠪᠠᠨ ᠵᠢᠯ ᠤᠨ ᠳᠣᠲᠣᠷ᠎ᠠ ᠭᠤᠷᠪᠠᠨ ᠲᠦᠮᠡᠨ ᠬᠥᠮᠥᠨ ᠡᠨᠡ ᠠᠷᠪᠠᠨ ᠬᠤᠶᠠᠷ ᠨᠣᠮ ᠢ ᠤᠩᠰᠢᠵᠤ ᠳᠠᠭᠤᠰᠬᠠᠭᠠᠳ᠂ ᠭᠤᠷᠪᠠᠨ ᠮᠢᠩᠭᠠᠨ ᠬᠥᠮᠥᠨ ᠡᠨᠡ ᠠᠷᠪᠠᠨ ᠬᠤᠶᠠᠷ ᠨᠣᠮ ᠢ ᠨᠡᠪᠲᠡᠷᠡᠲᠡᠯ᠎ᠡ ᠤᠩᠰᠢᠪᠠᠯ ᠶᠡᠭᠡ ᠰᠠᠶᠢᠨ ᠪᠣᠯᠣᠨ᠎ᠠ︾ ᠭᠡᠵᠡᠢ᠃      ᠮᠠᠷᠺᠰ ᠯᠧᠨᠢᠨ ᠤ ᠦᠵᠡᠯ ᠤᠨ ᠰᠣᠩᠭᠤᠳᠠᠭ ᠵᠣᠬᠢᠶᠠᠯ ᠢ ᠤᠩᠰᠢᠬᠤ ᠲᠠᠯ᠎ᠠ ᠪᠠᠷ᠂ ᠮᠠᠤ ᠽᠧ ᠳ᠋ᠦᠩ ᠢᠮᠠᠭᠲᠠ ᠪᠡᠶ᠎ᠡ ᠪᠠᠷ ᠢᠶᠠᠨ ᠦᠯᠢᠭᠡᠷ ᠳᠠᠭᠤᠷᠢᠶᠠᠯ ᠪᠤᠯᠳᠠᠭ᠂ ᠪᠦᠭᠦ ᠤᠯᠤᠰ ᠤᠨ ᠴᠢᠯᠦᠭᠡᠯᠡᠬᠦ ᠲᠠᠶᠢᠨ ᠤ ᠵᠠᠩᠭᠢᠯᠠᠭ᠎ᠠ ᠶᠢᠨ ᠦᠶ᠎ᠡ ᠳᠤ ᠴᠦ ᠭᠡᠰᠡᠨ᠂ ᠲᠡᠷᠡ ᠡᠳᠦᠷ ᠰᠥᠨᠢ ᠦᠭᠡᠢ ᠲᠦᠭ ᠲᠦᠮᠡᠨ ᠴᠡᠷᠢᠭ ᠮᠣᠷᠢ ᠶᠢ ᠵᠢᠯᠤᠭᠤᠳᠬᠤ ᠶᠢᠨ ᠬᠠᠮᠲᠤ ᠂ ᠮᠥᠨ ᠯᠡ ᠴᠠᠭ ᠢᠶᠠᠨ ᠰᠢᠪᠬᠠᠨ ᠮᠠᠷᠺᠰ ᠯᠧᠨᠢᠨ ᠤ ᠵᠣᠬᠢᠶᠠᠯ ᠢ ᠤᠩᠰᠢᠵᠤ ᠪᠠᠶᠢᠯ᠎ᠠ᠃ ᠯᠧᠨᠢᠨ ᠤ ︽ᠲᠦᠷᠦ ᠪᠠ ᠬᠤᠪᠢᠰᠬᠠᠯ︾᠂ ︽ᠡᠪ ᠬᠠᠮᠲᠤ ᠶᠢᠨ ᠬᠥᠳᠡᠯᠭᠡᠭᠡᠨ ᠳᠠᠬᠢ ︿ᠵᠡᠭᠦᠨ﹀ ᠎ ᠤ ᠨᠢᠯᠬᠠᠰᠠᠭ ᠡᠪᠡᠳᠴᠢᠨ︾ ᠪᠣᠯ ᠳᠠᠷᠤᠢ ᠡᠨᠡ ᠬᠤᠭᠤᠴᠠᠭᠠᠨ ᠳᠤ ᠤᠩᠰᠢᠭᠰᠠᠨ ᠭᠤᠣᠯ ᠵᠣᠬᠢᠶᠠᠯ ᠪᠣᠯᠣᠨ᠎ᠠ᠃ ᠲᠡᠷᠡ ︽ᠲᠦᠷᠦ ᠪᠠ ᠬᠤᠪᠢᠰᠬᠠᠯ︾᠎ ᠤᠨ ᠨᠢᠭᠡᠳᠦᠭᠡᠷ ᠪᠦᠯᠦᠭ ︽ᠠᠩᠭᠢᠲᠤ ᠨᠡᠶᠢᠭᠡᠮ ᠪᠠ ᠲᠦᠷᠦ︾᠎ ᠳᠤ ᠪᠠᠷᠤᠭ ᠥᠭᠦᠯᠡᠪᠦᠷᠢ ᠪᠦᠷᠢ ᠶᠢᠨ ᠬᠠᠵᠠᠭᠤ ᠳᠤ ᠴᠥᠮ ᠵᠢᠷᠤᠭᠠᠰᠤ ᠵᠢᠷᠤᠵᠤ ᠪᠠᠶᠢᠪᠠ᠃ ᠲᠡᠷᠡ ︽ᠡᠪ ᠬᠠᠮᠲᠤ ᠶᠢᠨ ᠬᠥᠳᠡᠯᠭᠡᠭᠡᠨ ᠳᠠᠬᠢ ︿ᠵᠡᠭᠦᠨ﹀ ᠎ ᠤ ᠨᠢᠯᠬᠠᠰᠠᠭ ᠡᠪᠡᠳᠴᠢᠨ︾ ᠭᠡᠳᠡᠭ ᠨᠣᠮ ᠢ ᠲᠠᠭᠢᠨ ᠤᠩᠰᠢᠬᠤ ᠳᠠᠭᠠᠨ ᠨᠣᠮ ᠤᠨ ᠬᠠᠪᠢᠰᠤᠨ ᠳᠤ᠄ ︽ᠨᠥᠬᠦᠳ ᠲᠤᠰ ᠨᠣᠮ ᠤᠨ ᠬᠤᠶᠠᠳᠤᠭᠠᠷ ᠪᠦᠯᠦᠭ ︵ᠲᠤᠬᠠᠶᠢᠯᠠᠪᠠᠯ ︿ᠪᠤᠯᠱᠸᠧᠢᠭᠴᠦᠤᠨ ᠤᠨ ᠠᠮᠵᠢᠯᠲᠠ ᠣᠯᠣᠭᠰᠠᠨ ᠦᠨᠳᠦᠰᠦᠨ ᠨᠥᠬᠦᠴᠡᠯ ᠤᠨ ᠨᠢᠭᠡ﹀ - ᠵᠣᠬᠢᠶᠠᠭᠴᠢ ᠶᠢᠨ ᠲᠠᠶᠢᠯᠪᠤᠷᠢ︶ ᠎ ᠢ ᠦᠵᠡᠵᠦ᠂ ᠤᠳᠤ ᠮᠠᠨ ᠤ ᠠᠵᠢᠯ ᠤᠨ ᠳᠤᠮᠳᠠ ᠣᠷᠣᠰᠢᠵᠤ ᠪᠠᠶᠢᠭ᠎ᠠ ᠵᠠᠷᠢᠮ ᠬᠦᠨᠳᠦ ᠨᠣᠴᠢᠲᠠᠢ ᠰᠠᠬᠢᠯᠭ᠎ᠠ ᠪᠠᠲᠤ ᠦᠭᠡᠢ ᠪᠠᠶᠢᠳᠠᠯ ᠪᠤᠶᠤ ᠵᠠᠰᠠᠭ ᠦᠭᠡᠢ ᠪᠠᠶᠢᠳᠠᠯ ᠢ ᠤᠰᠠᠳᠬᠠᠬᠤ ᠬᠡᠷᠡᠭᠲᠡᠢ ᠭᠡᠳᠡᠭ ᠢ ᠨᠥᠬᠦᠳ ᠲᠤ ᠮᠡᠳᠡᠭᠦᠯᠬᠦ ᠬᠡᠷᠡᠭᠲᠡᠢ︾ ᠭᠡᠵᠦ ᠴᠣᠬᠤᠯᠠᠪᠤᠷᠢᠯᠠᠵᠠᠢ᠃ ᠲᠥᠪ ᠬᠤᠷᠢᠶᠠᠨ ᠤ ᠤᠬᠠᠭᠤᠯᠬᠤ ᠬᠡᠯᠲᠡᠰ ᠮᠠᠤ ᠽᠧ ᠳ᠋ᠦᠩ ᠤᠨ ᠵᠢᠭᠠᠪᠤᠷᠢ ᠶᠢ ᠦᠨᠳᠦᠰᠦᠯᠡᠨ᠂ ᠪᠦᠭᠦ ᠨᠠᠮ ᠢᠶᠠᠷ ᠢᠶᠠᠨ ︽ᠡᠪ ᠬᠠᠮᠲᠤ ᠶᠢᠨ ᠬᠥᠳᠡᠯᠭᠡᠭᠡᠨ ᠳᠠᠬᠢ ︿ᠵᠡᠭᠦᠨ﹀ ᠎ ᠤ ᠨᠢᠯᠬᠠᠰᠠᠭ ᠡᠪᠡᠳᠴᠢᠨ︾ ᠎ ᠤ ᠬᠤᠶᠠᠳᠤᠭᠠᠷ ᠪᠦᠯᠦᠭ ᠢ ᠰᠤᠷᠤᠯᠴᠠᠬᠤ ᠬᠡᠷᠡᠭᠲᠡᠢ ᠭᠡᠵᠦ ᠣᠨᠴᠠᠭᠠᠶᠢᠯᠠᠨ ᠱᠠᠭᠠᠷᠳᠠᠪᠠ᠃      ᠮᠠᠤ ᠽᠧ ᠳ᠋ᠦᠩ ᠤᠨ ᠤᠷᠢᠶᠠᠯᠠᠭ᠎ᠠ ᠳᠣᠣᠷ᠎ᠠ᠂ ᠪᠦᠭᠦ ᠨᠠᠮ ᠤᠨ ᠺᠠᠳ᠋ᠷᠴᠤᠳ ᠤᠨ ᠳᠤᠮᠳᠠ ᠰᠤᠷᠤᠯᠴᠠᠬᠤ ᠥᠷᠨᠢᠯᠲᠡ ᠭᠠᠷᠴᠤ᠂ 1949 ᠣᠨ ᠤ 6 ᠰᠠᠷ᠎ᠠ ᠠᠴᠠ 1950 ᠣᠨ ᠤ 6 ᠰᠠᠷ᠎ᠠ ᠪᠤᠯᠲᠠᠯ᠎ᠠ᠂ ︽ᠺᠠᠳ᠋ᠷ ᠤᠨ ᠵᠠᠪᠠᠯ ᠤᠩᠰᠢᠬᠤ ᠨᠣᠮ︾ ᠎ ᠢ ᠬᠡᠪᠯᠡᠭᠰᠡᠨ ᠶᠡᠷᠦᠩᠬᠡᠢ ᠲᠤᠭ᠎ᠠ 300 ᠲᠦᠮᠡᠨ ᠳᠡᠪᠲᠡᠷ ᠲᠤ ᠬᠦᠷᠴᠦ᠂ ᠪᠦᠭᠦ ᠨᠠᠮ ᠤᠨ ᠺᠠᠳ᠋ᠷᠴᠤᠳ ᠤᠨ ᠮᠠᠷᠺᠰ ᠤᠨ ᠦᠵᠡᠯ ᠤᠨ ᠤᠨᠤᠯ ᠤᠨ ᠲᠦᠪᠰᠢᠨ᠂ ᠠᠵᠤ ᠠᠬᠤᠢ ᠶᠢᠨ ᠠᠵᠢᠯ ᠪᠣᠯᠣᠨ ᠬᠤᠳᠠ ᠶᠢᠨ ᠠᠵᠢᠯ ᠤᠨ ᠴᠢᠳᠠᠪᠤᠷᠢ ᠶᠢ ᠳᠡᠭᠡᠭᠰᠢᠯᠡᠭᠦᠯᠭᠦ ᠳᠤ ᠲᠤᠶᠢᠯ ᠤᠨ ᠴᠢᠬᠤᠯᠠ ᠦᠢᠯᠡᠳᠦᠯ ᠦᠵᠡᠭᠦᠯᠵᠡᠢ᠃            
 
ᠢᠷᠡᠯᠲᠡ᠄ ᠡᠪ ᠬᠠᠮᠲᠤ ᠨᠠᠮ ᠤᠨ ᠭᠡᠰᠢᠭᠦᠨ ᠤ ᠮᠡᠳᠡᠬᠦ ᠶᠣᠰᠣᠲᠠᠢ ᠨᠠᠮ ᠤᠨ ᠲᠡᠦᠬᠡ ᠶᠢᠨ ᠵᠢᠵᠢᠭ ᠦᠯᠢᠭᠡᠷ ᠤᠳ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号