ᠠᠯᠠᠱᠠ ᠵᠡᠭᠦᠨ ᠬᠤᠰᠢᠭᠤ ᠤᠩᠭᠠᠷᠢᠯ ᠤᠨ ᠬᠥᠨᠥᠭᠡᠯ ᠢ ᠪᠠᠭᠠᠰᠬᠠᠵᠤ ᠪᠣᠢ
ᠨᠡᠶᠢᠲᠡᠯᠡᠭᠰᠡᠨ ᠴᠠᠭ᠄
2024/5/9
              ᠤᠩᠭᠠᠷᠢᠯ ᠪᠣᠯ ᠤᠯᠢᠶᠠᠰᠤᠨ ᠮᠣᠳᠣᠨ ᠤ ᠠᠶᠠᠨᠳᠠᠭᠠᠨ ᠪᠤᠶᠢᠵᠢᠬᠤ ᠶᠠᠪᠤᠴᠠ ᠳᠠᠬᠢ ᠬᠡᠪ ᠤᠨ ᠦᠵᠡᠭᠳᠡᠯ ᠪᠠᠶᠢᠵᠤ᠂ ᠶᠡᠷᠦ ᠳᠤ ᠪᠠᠨ 4᠂ 5 ᠰᠠᠷ᠎ᠠ ᠳᠤ ᠡᠭᠦᠰᠴᠦ᠂ ᠦᠶᠡᠯᠡᠯ ᠤᠨ ᠬᠤᠭᠤᠴᠠᠭ᠎ᠠ ᠨᠢ 10 ᠡᠳᠦᠷ ᠣᠷᠴᠢᠮ ᠪᠠᠶᠢᠳᠠᠭ᠃ ᠤᠩᠭᠠᠷᠢᠯ ᠢᠶᠠᠷ ᠰᠠᠭᠤᠭᠠᠯᠢ ᠠᠷᠠᠳ ᠤᠨ ᠠᠮᠢᠳᠤᠷᠠᠯ ᠳᠤ ᠦᠵᠡᠭᠦᠯᠬᠦ ᠨᠥᠯᠥᠭᠡ ᠶᠢ ᠪᠠᠭᠠᠰᠬᠠᠬᠤ ᠵᠣᠷᠢᠯᠭ᠎ᠠ ᠪᠠᠷ᠂ ᠥᠨᠳᠥᠷ ᠳᠠᠷᠤᠯᠲᠠᠲᠤ ᠤᠰᠤᠨ ᠫᠤᠤ ᠪᠠᠷ ᠹᠢᠽᠢᠺ ᠤᠨ ᠰᠡᠷᠭᠡᠢᠯᠡᠨ ᠵᠠᠰᠠᠯᠲᠠ ᠬᠢᠬᠦ ᠠᠴᠠ ᠭᠠᠳᠠᠨ᠎ᠠ᠂ ᠬᠤᠲᠠ ᠶᠢᠨ ᠴᠡᠴᠡᠷᠯᠢᠭ ᠤᠨ ᠨᠣᠭᠤᠭᠠᠷᠠᠭᠤᠯᠤᠯᠲᠠ ᠶᠢᠨ ᠦᠢᠯᠡᠴᠢᠯᠡᠭᠡᠨ ᠤ ᠲᠥᠪ ᠪᠠᠰᠠ ᠨᠣᠭᠤᠭᠠᠷᠠᠭᠤᠯᠤᠯᠲᠠ ᠶᠢᠨ ᠪᠦᠲᠦᠭᠡᠨ ᠪᠠᠶᠢᠭᠤᠯᠤᠯᠲᠠ ᠳᠤ ᠤᠯᠢᠶᠠᠰᠤᠨ ᠮᠣᠳᠣ ᠲᠠᠷᠢᠬᠤ ᠶᠢ ᠪᠠᠭᠠᠰᠬᠠᠵᠤ᠂ ᠲᠤᠷᠤᠭ ᠪᠤᠲᠠ ᠮᠣᠳᠣ ᠡᠪᠡᠰᠦᠨ ᠤ ᠤᠶᠠᠯᠳᠤᠯ ᠢ ᠴᠢᠬᠤᠯᠠᠴᠢᠯᠠᠨ᠂ ᠣᠶᠢᠵᠢᠭᠤᠯᠤᠯᠲᠠ ᠶᠢᠨ ᠮᠣᠳᠣᠨ ᠤ ᠲᠥᠷᠥᠯ ᠢᠶᠠᠨ ᠣᠯᠠᠰᠢᠷᠠᠭᠤᠯᠵᠤ᠂ ᠡᠬᠢ ᠡᠭᠦᠰᠦᠯ ᠠᠴᠠ ᠨᠢ ᠬᠤᠷᠢᠭᠯᠠᠵᠤ ᠪᠣᠢ᠃
            ᠥᠷᠭᠡᠨ ᠣᠯᠠᠨ ᠰᠠᠭᠤᠭᠠᠯᠢ ᠠᠷᠠᠳ ᠰᠡᠷᠭᠡᠶᠢᠯᠡᠨ ᠬᠠᠮᠠᠭᠠᠯᠠᠬᠤ ᠠᠵᠢᠯ ᠢ ᠰᠠᠶᠢᠲᠤᠷ ᠬᠢᠵᠦ᠂ ᠬᠡᠷᠪᠡ ᠮᠠᠯᠠᠭᠠᠢ ᠵᠡᠭᠦᠬᠦ᠂ ᠠᠮᠠᠪᠴᠢ ᠵᠡᠭᠦᠬᠦ᠂ ᠤᠩᠭᠠᠷᠢᠯ ᠬᠡᠶᠢᠰᠬᠦ ᠵᠡᠷᠭᠡ ᠪᠡᠶ᠎ᠡ ᠮᠠᠬᠠᠪᠣᠳ ᠤᠨ ᠡᠪ ᠦᠭᠡᠢ ᠪᠠᠶᠢᠳᠠᠯ ᠡᠭᠦᠰᠬᠦ ᠠᠴᠠ ᠰᠡᠷᠭᠡᠶᠢᠯᠡᠬᠦ ᠬᠡᠷᠡᠭᠲᠡᠶ︔ ᠡᠭᠦᠨ ᠤ ᠬᠠᠮᠲᠤ᠂ ᠤᠩᠭᠠᠷᠢᠯ ᠪᠣᠯ ᠨᠣᠴᠣᠮᠠᠲᠠᠭᠠᠢ ᠪᠣᠳᠠᠰ ᠮᠥᠨ᠂ ᠭᠠᠯ ᠲᠦᠢᠮᠡᠷ ᠤᠨ ᠠᠶᠤᠯ ᠠᠴᠠ ᠰᠡᠷᠭᠡᠶᠢᠯᠡᠬᠦ ᠶᠢ ᠰᠠᠨᠠᠭᠤᠯᠵᠤ ᠪᠠᠶᠢᠨ᠎ᠠ᠃
 
ᠢᠷᠡᠯᠲᠡ᠄ ᠠᠯᠠᠱᠠ ᠵᠡᠭᠦᠨ ᠬᠤᠰᠢᠭᠤᠨ ᠤ ᠬᠠᠮ ᠵᠠᠭᠤᠴᠢᠯᠠᠭᠤᠷ ᠤᠨ ᠲᠥᠪ 
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号