ᠤᠯᠤᠰ ᠤᠨ SC ᠭᠡᠷᠡᠴᠢᠯᠡᠭᠡᠨ ᠤ ᠲᠡᠮᠳᠡᠭ ᠢ ᠣᠯᠵᠤ ᠮᠠᠯᠴᠢᠨ ᠴᠣᠭᠪᠠᠭᠠᠲᠤᠷ ᠨᠤᠲᠤᠭ ᠤᠨ ᠮᠠᠯ ᠤᠨ ᠮᠢᠬ᠎ᠠ ᠶᠢᠨ ᠠᠷᠠᠯᠵᠢᠶᠠᠨ ᠪ᠊ ᠵᠠᠮ ᠢ ᠥᠷᠭᠡᠳᠬᠡᠪᠡ
ᠨᠡᠶᠢᠲᠡᠯᠡᠭᠰᠡᠨ ᠴᠠᠭ᠄
2024/6/7
                                       ● ᠳᠠᠪᠰᠢᠯᠲᠤ              ᠣᠶᠢᠷ᠎ᠠ ᠳᠤ᠂ ᠠᠯᠠᠱᠠ ᠵᠡᠭᠦᠨ ᠬᠤᠰᠢᠭᠤᠨ ᠤ ᠪᠠᠶᠠᠨᠨᠢᠷᠤᠭᠤᠨ ᠰᠤᠮᠤᠨ ᠤ ᠰᠤᠬᠠᠶᠢᠲᠤ ᠭᠠᠴᠠᠭᠠᠨ ᠤ ᠮᠠᠯᠴᠢᠨ ᠴᠣᠭᠪᠠᠭᠠᠲᠤᠷ ᠤᠨ ᠰᠡᠳᠦᠵᠦ ᠪᠠᠶᠢᠭᠤᠯᠤᠭᠰᠠᠨ ︽ᠠᠯᠠᠱᠠ ᠵᠡᠭᠦᠨ ᠬᠤᠰᠢᠭᠤᠨ ᠤ ᠬᠠᠶᠢᠷᠬᠠᠨ ᠠᠮᠢ ᠠᠬᠤᠢ ᠶᠢᠨ ᠲᠡᠵᠢᠭᠡᠨ ᠦᠷᠡᠵᠢᠭᠦᠯᠬᠦ ᠲᠤᠰᠬᠠᠢ ᠠᠵᠢᠯ ᠤᠨ ᠬᠤᠷᠰᠢᠶ᠎ᠠ︾ ᠶᠢᠨ ᠲᠡᠵᠢᠭᠡᠨ ᠦᠷᠡᠵᠢᠭᠦᠯᠦᠭᠰᠡᠨ ᠮᠠᠯ ᠤᠨ ᠮᠢᠬ᠎ᠠ ᠨᠢ ᠤᠯᠤᠰ ᠤᠨ ᠢᠳᠡᠭᠡᠨ ᠤ ᠦᠢᠯᠡᠳᠪᠦᠷᠢᠯᠡᠯ ᠤᠨ ᠵᠥᠪᠰᠢᠶᠡᠷᠡᠯ ︵ SC︶  ᠤᠨ ᠭᠡᠷᠡᠴᠢᠯᠡᠭᠡᠨ ᠤ ᠲᠡᠮᠳᠡᠭ ᠢ ᠣᠯᠵᠤ᠂ ᠠᠯᠠᠱᠠ ᠨᠤᠲᠤᠭ ᠤᠨ ᠮᠠᠯ ᠤᠨ ᠮᠢᠬ᠎ᠠ ᠶᠢ ᠪᠦᠭᠦ ᠤᠯᠤᠰ ᠤᠨ ᠮᠢᠬᠠᠨ ᠤ ᠵᠠᠬ᠎ᠠ ᠳᠡᠯᠭᠡᠭᠦᠷ ᠲᠤ ᠭᠠᠷᠭᠠᠬᠤ ᠠᠷᠠᠯᠵᠢᠶᠠᠨ ᠤ ᠵᠠᠮ ᠢ ᠨᠡᠭᠡᠭᠡᠪᠡ᠃              ᠮᠠᠯᠴᠢᠨ ᠴᠣᠭᠪᠠᠭᠠᠲᠤᠷ 2015 ᠣᠨ ᠳᠤ ︽ᠠᠯᠠᠱᠠ ᠵᠡᠭᠦᠨ ᠬᠤᠰᠢᠭᠤᠨ ᠤ ᠬᠠᠶᠢᠷᠬᠠᠨ ᠠᠮᠢ ᠠᠬᠤᠢ ᠶᠢᠨ ᠲᠡᠵᠢᠭᠡᠨ ᠦᠷᠡᠵᠢᠭᠦᠯᠬᠦ ᠲᠤᠰᠬᠠᠢ ᠠᠵᠢᠯ ᠤᠨ ᠬᠤᠷᠰᠢᠶ᠎ᠠ︾ ᠶᠢ ᠰᠡᠳᠤᠨ ᠪᠠᠶᠢᠭᠤᠯᠤᠭᠠᠳ᠂ ᠣᠷᠣᠨ ᠨᠤᠲᠤᠭ ᠤᠨ ᠮᠠᠯ ᠤᠨ ᠮᠢᠬ᠎ᠠ᠂ ᠬᠠᠳᠠᠭᠠᠬᠰᠠᠨ ᠪᠤᠷᠴᠠ᠂ ᠬᠠᠳᠠᠭᠠᠬᠰᠠᠨ ᠤᠭᠤᠴᠠ ᠵᠡᠷᠭᠡ ᠶᠢ ᠦᠬᠠᠢ᠂ ᠪᠤᠭᠤᠲᠤ ᠵᠢᠴᠢ ᠪᠠᠶᠠᠨᠬᠤᠲᠠ ᠶᠢᠨ ᠡᠯ᠎ᠡ ᠬᠤᠭᠤᠯᠠᠨ ᠭᠡᠷ ᠲᠤ ᠪᠣᠷᠣᠯᠠᠭᠤᠯᠤᠨ᠂ ᠵᠢᠯ ᠳᠤ ᠪᠠᠷᠤᠭ 1000 ᠭᠠᠷᠤᠢ ᠮᠠᠯ ᠤᠨ ᠮᠢᠬ᠎ᠠ ᠶᠢ ᠬᠤᠳᠠᠯᠳᠤᠵᠤ᠂ ᠤᠷᠤᠯᠭ᠎ᠠ ᠨᠢ 50 ᠲᠦᠮᠡᠨ ᠲᠥᠭᠦᠷᠢᠭ ᠲᠤ ᠭᠦᠷᠳᠡᠭ ᠪᠠᠶᠢᠵᠠᠢ᠃ ᠰᠡᠭᠦᠯᠡᠷ ᠨᠢ ᠴᠣᠭᠪᠠᠭᠠᠲᠤᠷ ᠣᠷᠣᠨ ᠨᠤᠲᠤᠭ ᠤᠨ ᠮᠠᠯ ᠤᠨ ᠮᠢᠬᠠᠨ ᠤ ᠦᠨ᠎ᠡ ᠬᠠᠩᠰᠢ ᠶᠢ ᠲᠡᠭᠡᠭᠰᠢᠯᠡᠭᠦᠯᠭᠦ᠂ ᠦᠢᠯᠡᠳᠬᠦᠨ ᠤ ᠠᠮᠤᠷ ᠲᠦᠪᠰᠢᠨ ᠢ ᠪᠠᠲᠤᠯᠠᠬᠤ᠂ ᠪᠦᠭᠦ ᠤᠯᠤᠰ ᠤᠨ ᠬᠡᠪᠴᠢᠶᠡᠨ ᠤ ᠵᠠᠬ᠎ᠠ ᠳᠡᠯᠭᠡᠭᠦᠷ ᠲᠤ ᠭᠠᠷᠭᠠᠬᠤ ᠵᠣᠷᠢᠯᠭ᠎ᠠ ᠪᠠᠷ ᠤᠯᠤᠰ ᠤᠨ ᠢᠳᠡᠭᠡᠨ ᠤ ᠦᠢᠯᠡᠳᠪᠦᠷᠢᠯᠡᠯ ᠤᠨ ᠵᠥᠪᠰᠢᠶᠡᠷᠡᠯ ︵ SC︶  ᠤᠨ ᠭᠡᠷᠡᠴᠢᠯᠡᠭᠡᠨ ᠤ ᠲᠡᠮᠳᠡᠭ ᠢ ᠭᠤᠶᠤᠴᠢᠯᠠᠭᠰᠠᠨ ᠳᠤ ᠲᠡᠭᠦᠨ ᠤ ᠪᠣᠷᠣᠯᠠᠭᠤᠯᠵᠤ ᠪᠠᠶᠢᠭ᠎ᠠ ᠮᠠᠯ ᠤᠨ ᠮᠢᠬ᠎ᠠ ᠨᠢ ᠤᠯᠤᠰ ᠤᠨ ᠢᠳᠡᠭᠡᠨ ᠤ ᠦᠢᠯᠡᠳᠪᠦᠷᠢᠯᠡᠯ ᠤᠨ ᠠᠮᠤᠷ ᠲᠦᠪᠰᠢᠨ ᠢ ᠰᠢᠯᠭᠠᠨ ᠪᠠᠶᠢᠴᠠᠭᠠᠬᠤ ᠡᠯ᠎ᠡ ᠲᠥᠷᠥᠯ ᠤᠨ ᠪᠠᠷᠢᠮᠵᠢᠶ᠎ᠠ ᠳᠤ ᠨᠡᠶᠢᠴᠡᠵᠦ ᠲᠤᠰ ᠲᠡᠮᠳᠡᠭ ᠢ ᠣᠯᠣᠭᠰᠠᠨ ᠪᠠᠶᠢᠨ᠎ᠠ᠃              ᠤᠳᠤ ᠴᠣᠭᠪᠠᠭᠠᠲᠤᠷ ︽ᠠᠯᠠᠱᠠ ᠵᠡᠭᠦᠨ ᠬᠤᠰᠢᠭᠤᠨ ᠤ ᠬᠠᠶᠢᠷᠬᠠᠨ ᠠᠮᠢ ᠠᠬᠤᠢ ᠶᠢᠨ ᠲᠡᠵᠢᠭᠡᠨ ᠦᠷᠡᠵᠢᠭᠦᠯᠬᠦ ᠲᠤᠰᠬᠠᠢ ᠠᠵᠢᠯ ᠤᠨ ᠬᠤᠷᠰᠢᠶ᠎ᠠ︾ ᠳᠠᠭᠠᠨ ᠤᠯᠤᠰ ᠤᠨ ᠢᠳᠡᠭᠡᠨ ᠤ ᠦᠢᠯᠡᠳᠪᠦᠷᠢᠯᠡᠯ ᠤᠨ ᠠᠮᠤᠷ ᠲᠦᠪᠰᠢᠨ ᠤ ᠪᠠᠷᠢᠮᠵᠢᠶ᠎ᠠ ᠶᠣᠰᠣᠭᠠᠷ ᠲᠤᠨᠤᠭ ᠲᠥᠬᠦᠭᠡᠷᠦᠮᠵᠢ ᠪᠠᠨ ᠤᠭᠰᠠᠷᠠᠨ᠂ ᠶᠡᠷᠦᠩᠬᠡᠢ ᠪᠡᠯᠡ ᠤᠷᠤᠭᠤᠯᠤᠯᠳᠠ  ᠨᠢ 700 ᠲᠦᠮᠡᠨ ᠲᠥᠭᠦᠷᠢᠭ ᠢ ᠳᠠᠪᠠᠵᠠᠢ᠃ ᠲᠡᠷᠡ ᠨᠢᠭᠡ ᠲᠠᠯ᠎ᠠ ᠪᠠᠷ ᠣᠷᠣᠨ ᠨᠤᠲᠤᠭ ᠤᠨ ᠮᠠᠯ ᠤᠨ ᠮᠢᠬ᠎ᠠ ᠶᠢ ᠨᠠᠷᠢᠯᠢᠭᠵᠢᠭᠤᠯᠤᠨ ᠦᠢᠯᠡᠳᠪᠦᠷᠢᠯᠡᠵᠦ᠂ ᠨᠥᠭᠦᠭᠡ ᠲᠠᠯ᠎ᠠ ᠪᠠᠷ ᠬᠦᠮᠡᠯᠢ᠂ ᠱᠠᠭᠠᠢ ᠵᠡᠷᠭᠡ ᠨᠤᠲᠤᠭ ᠤᠨ ᠨᠣᠭᠤᠭ᠎ᠠ ᠶᠢ ᠳᠠᠪᠤᠰᠤᠯᠠᠬᠤ ᠪᠤᠶᠤ ᠤᠭᠤᠲᠠᠯᠠᠨ ᠪᠦᠭᠦ ᠤᠯᠤᠰ ᠤᠨ ᠬᠡᠪᠴᠢᠶᠡᠨ ᠤ ᠵᠠᠬ᠎ᠠ ᠳᠡᠯᠭᠡᠭᠦᠷ ᠳᠡᠭᠡᠷ᠎ᠡ ᠪᠣᠷᠣᠯᠠᠭᠤᠯᠬᠤ ᠰᠠᠨᠠᠭ᠎ᠠ ᠲᠠᠢ ᠪᠠᠶᠢᠯ᠎ᠠ᠃ ᠴᠣᠭᠪᠠᠭᠠᠲᠤᠷ᠂ ᠮᠠᠨ ᠤ ᠨᠤᠲᠤᠭ ᠤᠨ ᠮᠠᠯ ᠤᠨ ᠮᠢᠬ᠎ᠠ ᠶᠢᠨ ᠠᠮᠲᠠ ᠣᠨᠴᠠ ᠰᠠᠶᠢᠨ ᠪᠠᠶᠢᠳᠠᠭ᠃ ᠡᠶᠢᠮᠦ ᠠᠴᠠ ᠤᠯᠠᠮᠵᠢᠯᠠᠯᠲᠤ ᠪᠣᠷᠤᠯᠠᠭᠤᠯᠭ᠎ᠠ ᠶᠢᠨ ᠮᠠᠶ᠋ᠢᠭ ᠢᠶᠠᠨ ᠰᠢᠨᠡᠴᠢᠯᠡᠵᠦ᠂ ᠮᠠᠯ ᠤᠨ ᠮᠢᠬ᠎ᠠ ᠶᠢ ᠪᠤᠷᠴᠠ᠂ ᠤᠭᠤᠴᠠ ᠠᠴᠠ ᠭᠠᠳᠠᠨ᠎ᠠ ᠬᠠᠯᠠᠭᠤᠨ ᠲᠣᠭᠤᠭᠠᠨ ᠳᠤ ᠴᠢᠨᠠᠵᠤ ᠪᠤᠯᠬᠤ ᠵᠢᠵᠢᠭ ᠤᠭᠤᠲᠠ ᠲᠠᠢ ᠮᠢᠬ᠎ᠠ᠂ ᠬᠦᠵᠦᠭᠦᠦ᠂ ᠰᠡᠭᠡᠷ᠎ᠡ᠂ ᠴᠢᠮᠦᠭᠡ᠂ ᠰᠡᠭᠦᠯ ᠭᠡᠬᠦ ᠮᠡᠲᠦᠴᠢᠯᠡᠨ ᠲᠥᠷᠥᠯ ᠬᠤᠪᠢᠶᠠᠵᠤ ᠬᠡᠰᠡᠭᠯᠡᠨ ᠪᠣᠷᠣᠯᠠᠭᠤᠯᠬᠤ ᠳᠤ ᠭᠦᠷᠪᠡᠯ ᠦᠨ᠎ᠡ ᠬᠠᠩᠰᠢ ᠨᠢ ᠶᠡᠷᠦᠩᠬᠡᠢ ᠳᠡᠭᠡᠨ ᠮᠠᠯ ᠢ ᠪᠦᠬᠦᠯᠢ ᠪᠠᠷ ᠨᠢ ᠪᠣᠷᠣᠯᠠᠭᠤᠯᠤᠭᠰᠠᠨ ᠠᠴᠠ ᠥᠨᠳᠥᠷ ᠪᠣᠯᠣᠨ᠎ᠠ᠃ ᠮᠢᠬᠠᠨ ᠤ ᠲᠥᠷᠥᠯ ᠵᠦᠢᠯ ᠨᠢ ᠠᠷᠪᠢᠨ ᠪᠣᠯᠪᠠᠯ ᠬᠡᠷᠡᠭᠯᠡᠭᠴᠢᠳ ᠤᠨ ᠢᠳᠡᠬᠦ ᠠᠷᠭ᠎ᠠ ᠪᠠᠰᠠ ᠠᠷᠪᠢᠳᠤᠨ᠎ᠠ᠃ ᠤᠯᠠᠨ ᠲᠠᠯ᠎ᠠ ᠪᠠᠷ ᠰᠢᠨᠡᠴᠢᠯᠡᠯᠲᠡ ᠬᠢᠪᠡᠯ ᠣᠷᠣᠨ ᠨᠤᠲᠤᠭ ᠤᠨ ᠮᠠᠯ ᠤᠨ ᠮᠢᠬᠠᠨ ᠤ ᠪᠣᠷᠤᠯᠠᠭᠤᠯᠭ᠎ᠠ ᠶᠢᠨ ᠵᠠᠮ ᠨᠡᠩ ᠬᠤᠯᠠ ᠪᠣᠯᠵᠤ᠂ ᠦᠨ᠎ᠡ ᠬᠠᠩᠰᠢ ᠨᠢ ᠳᠡᠭᠡᠭᠰᠢᠯᠡᠨ᠎ᠡ ᠭᠡᠪᠡ᠃              ᠴᠣᠭᠪᠠᠭᠠᠲᠤᠷ ᠨᠤᠲᠤᠭ ᠤᠨ ᠮᠠᠯ ᠤᠨ ᠮᠢᠬ᠎ᠠ ᠶᠢ ᠬᠠᠤᠯᠢ ᠶᠣᠰᠣᠨ ᠤ ᠦᠢᠯᠡᠳᠪᠦᠷᠢᠯᠡᠯ ᠤᠨ ᠭᠡᠷᠡᠴᠢᠯᠡᠭᠡᠨ ᠤ ᠲᠡᠮᠳᠡᠭ ᠲᠠᠢ ᠪᠣᠯᠭᠠᠨ᠂ ᠪᠦᠭᠦ ᠤᠯᠤᠰ ᠤᠨ ᠵᠠᠬ᠎ᠠ ᠳᠡᠯᠭᠡᠭᠦᠷ ᠲᠤ ᠠᠯᠠᠱᠠ ᠨᠤᠲᠤᠭ ᠤᠨ ᠮᠠᠯ ᠤᠨ ᠮᠢᠬ᠎ᠠ ᠶᠢ ᠭᠠᠷᠭᠠᠬᠤ ᠠᠴᠠ ᠭᠠᠳᠠᠨ᠎ᠠ ᠬᠦᠮᠡᠯᠢ᠂ ᠱᠠᠭᠠᠢ ᠮᠡᠲᠦ ᠶᠢᠨ ᠨᠤᠲᠤᠭ ᠤᠨ ᠤᠷᠭᠤᠮᠠᠯ ᠢ ᠭᠤᠸᠠᠨᠲ᠋ᠧᠦ ᠪᠤᠯᠭᠠᠵᠤ᠂ ᠵᠤᠨ ᠡᠪᠦᠯ ᠤᠨ ᠤᠯᠠᠷᠢᠯ ᠳᠤ ᠶᠡᠭᠡ ᠬᠡᠮᠵᠢᠶ᠎ᠡ ᠪᠠᠷ ᠵᠠᠬ᠎ᠠ ᠳᠡᠯᠭᠡᠭᠦᠷ ᠲᠤ ᠭᠠᠷᠭᠠᠬᠤ ᠪᠠᠷ ᠲᠥᠯᠥᠪᠯᠡᠵᠦ ᠪᠤᠢ᠃ ᠲᠡᠷᠡᠴᠢᠯᠡᠨ ︽ᠠᠯᠠᠱᠠ ᠵᠡᠭᠦᠨ ᠬᠤᠰᠢᠭᠤᠨ ᠤ ᠬᠠᠶᠢᠷᠬᠠᠨ ᠠᠮᠢ ᠠᠬᠤᠢ ᠶᠢᠨ ᠲᠡᠵᠢᠭᠡᠨ ᠦᠷᠡᠵᠢᠭᠦᠯᠬᠦ ᠲᠤᠰᠬᠠᠢ ᠠᠵᠢᠯ ᠤᠨ ᠬᠤᠷᠰᠢᠶ᠎ᠠ︾ ᠶᠢᠨ ᠡᠵᠡᠩᠨᠡᠯᠲᠡ ᠶᠢᠨ ᠬᠡᠪᠴᠢᠶᠡᠨ ᠳᠡᠭᠡᠨ ᠮᠠᠯ ᠤᠨ ᠮᠥᠬᠦᠯᠢᠭᠲᠦ ᠪᠣᠷᠳᠤᠭ᠎ᠠ ᠬᠢᠬᠦ ᠶᠢ ᠪᠠᠭᠲᠠᠭᠠᠵᠤ᠂ ᠡᠪᠡᠰᠦ᠂ ᠪᠣᠷᠳᠤᠭ᠎ᠠ ᠵᠡᠷᠭᠡ ᠴᠢᠨᠠᠷ ᠰᠠᠶᠢᠲᠠᠢ ᠨᠠᠶᠢᠷᠠᠯᠭ᠎ᠠ ᠪᠠᠷ ᠨᠠᠶᠢᠷᠠᠭᠤᠯᠤᠭᠰᠠᠨ ᠮᠥᠬᠦᠯᠢᠭᠲᠦ ᠪᠣᠷᠳᠤᠭ᠎ᠠ ᠶᠢ ᠡᠳᠦᠷ ᠲᠤ ᠪᠠᠷᠤᠭ 3 ᠲᠤᠨ ᠦᠢᠯᠡᠳᠪᠦᠷᠢᠯᠡᠨ᠂ ᠣᠶᠢᠷ᠎ᠠ ᠬᠠᠪᠢ ᠶᠢᠨ ᠮᠠᠯᠴᠢᠳ ᠲᠤ ᠪᠣᠷᠣᠯᠠᠭᠤᠯᠵᠤ ᠪᠠᠶᠢᠨ᠎ᠠ᠃              
 
ᠢᠷᠡᠯᠲᠡ᠄ ᠠᠯᠠᠱᠠ ᠵᠡᠭᠦᠨ ᠬᠤᠰᠢᠭᠤᠨ ᠤ ᠵᠠᠰᠠᠭ ᠤᠨ ᠣᠷᠳᠣᠨ ᠤ ᠮᠣᠩᠭᠤᠯ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号