ᠢᠨᠢᠶᠡᠮᠰᠦᠭ ᠴᠢᠷᠠᠢ᠂ ᠦᠬᠡᠳᠡᠷᠬᠡᠭ ᠪᠤᠳᠤᠯ ᠪᠤᠯ ᠦᠢᠯᠡᠰ ᠪᠦᠳᠤᠬᠡᠬᠦ ᠶᠢᠨ ᠡᠬᠢᠯᠡᠯᠳᠡ ᠮᠥᠨ
ᠨᠡᠶᠢᠲᠡᠯᠡᠭᠰᠡᠨ ᠴᠠᠭ᠄
2024/7/10
         ᠬᠦᠮᠤᠰ ᠠᠯᠤᠰ ᠬᠡᠳᠤ ᠶᠢᠨ ᠬᠠᠷᠠᠯᠳᠠ ᠲᠠᠢ ᠪᠠᠶᠢᠳᠠᠭ᠃ ᠬᠡᠬᠦ ᠳᠤ ᠲᠡᠷᠡ ᠬᠠᠷᠠᠯᠳᠠ ᠳᠤ ᠪᠠᠨ ᠬᠦᠷᠦᠭᠰᠡᠳ ᠴᠦᠬᠡᠩᠬᠢ ᠲᠤᠭ᠎ᠠ ᠶᠢ ᠡᠵᠡᠯᠡᠳᠡᠭ᠃ ᠤᠯᠠᠩᠬᠢ ᠬᠦᠮᠤᠰ ᠠᠯᠤᠰ ᠤᠨ ᠬᠠᠷᠠᠯᠳᠠ ᠪᠠᠨ ᠪᠠᠶᠠᠯᠡᠬᠦᠯᠬᠦ ᠪᠠᠷ ᠲᠡᠮᠡᠴᠡᠵᠤ ᠪᠠᠶᠢᠭ᠎ᠠ ᠶᠠᠪᠤᠴᠠ ᠲᠤᠮᠳᠠ ᠪᠠᠨ ᠲᠠᠰᠤᠷᠠᠯᠳᠠ ᠦᠬᠡᠢ ᠬᠠᠷᠠᠯᠳᠠ ᠪᠠᠨ ᠰᠢᠯᠵᠢᠬᠦᠯᠦᠭᠰᠡᠨ ᠪᠤᠶᠤ ᠪᠠᠷᠢᠮᠳᠠᠯᠠᠭᠰᠠᠨ ᠦᠬᠡᠢ ᠶᠢᠨ ᠤᠴᠢᠷ ᠎ ᠠᠴᠠ ᠪᠤᠯᠵᠤ ᠬᠦᠰᠡᠯ ᠢᠶᠠᠨ ᠪᠠᠶᠠᠯᠡᠬᠦᠯᠵᠤ ᠲᠡᠶᠢᠯᠦᠭᠰᠡᠨ ᠦᠬᠡᠢ ᠪᠠᠶᠢᠳᠠᠭ᠃ ᠡᠨᠡ ᠪᠤᠯ ᠦᠢᠯᠡᠰ ᠪᠦᠳᠤᠬᠡᠬᠦ ᠶᠠᠪᠤᠴᠠ ᠲᠤᠮᠳᠠᠬᠢ ᠲᠡᠰᠪᠤᠷᠢ ᠬᠠᠳᠠᠭᠤᠵᠢᠯ ᠤᠨ ᠤᠴᠢᠷ ᠪᠢᠯᠡ᠃ ᠬᠡᠬᠦ ᠳᠤ ᠢᠨᠢᠶᠡᠮᠰᠦᠭ ᠴᠢᠷᠠᠢ᠂ ᠦᠬᠡᠳᠡᠷᠬᠡᠭ ᠪᠤᠳᠤᠯ ᠪᠤᠯ ᠮᠥᠨ ᠴᠤ ᠦᠢᠯᠡᠰ ᠪᠦᠳᠤᠬᠡᠬᠦ ᠶᠢᠨ ᠡᠬᠢᠯᠡᠯᠳᠡ ᠮᠥᠨ ᠪᠢᠯᠡ᠃ ᠬᠦᠰᠡᠯᠡᠩᠳᠤ ᠦᠢᠯᠡᠰ ᠢᠶᠠᠨ ᠪᠦᠳᠤᠬᠡᠶ᠎ᠡ ᠬᠡᠬᠦ ᠳᠤ ᠶᠡᠷᠤᠳᠡᠬᠡᠨ ᠤᠷᠴᠢᠨ ᠲᠤᠭᠤᠷᠢᠨ ᠪᠠ ᠬᠤᠪᠢ ᠬᠦᠮᠤᠨ ᠤ ᠬᠤᠭᠤᠷᠤᠨᠳᠤᠬᠢ ᠬᠠᠷᠢᠴᠠᠭ᠎ᠠ ᠠᠴᠠ ᠪᠤᠯᠳᠠᠭ᠃ ᠨᠢᠬᠡ ᠬᠦᠮᠤᠨ ᠤᠷᠴᠢᠨ ᠲᠤᠭᠤᠷᠢᠨ ᠳᠤ ᠪᠠᠨ ᠭᠡᠷᠬᠢᠨ ᠬᠠᠨᠳᠤᠬᠤ ᠬᠡᠳᠡᠭ ᠨᠢ ᠦᠢᠯᠡᠰ ᠪᠦᠳᠤᠬᠡᠬᠦ ᠶᠢᠨ ᠬᠢᠨᠢ ᠬᠠᠭᠠᠰ ᠢ ᠡᠵᠡᠯᠡᠵᠤ ᠪᠠᠶᠢᠳᠠᠭ᠃ ᠶᠠᠮᠠᠷ ᠰᠠᠶᠢᠨ ᠤᠷᠴᠢᠨ ᠳᠤ ᠤᠴᠢᠯ᠎ᠠ ᠴᠤ ᠬᠡᠰᠡᠨ ᠤᠪᠤᠷ ᠰᠤᠷᠳᠠᠯ ᠴᠢᠨᠢ ᠠᠨᠠᠢ ᠪᠠᠶᠢᠵᠤ ᠰᠠᠶᠢᠨ ᠤᠷᠴᠢᠨ ᠪᠢᠰᠢ ᠬᠡᠵᠤ ᠪᠤᠳᠤᠨ ᠤᠷᠴᠢᠨ ᠲᠤᠭᠤᠷᠢᠨ ᠳᠤ ᠪᠠᠨ ᠬᠠᠨᠳᠤᠪᠠᠯ ᠤᠷᠴᠢᠨ ᠲᠤᠭᠤᠷᠢᠨ ᠨᠢ ᠴᠤ ᠴᠢᠮ᠎ᠠ ᠳᠤ ᠠᠨᠠᠢ ᠬᠠᠨᠳᠤᠳᠠᠭ᠃ ᠲᠡᠬᠡᠬᠦᠯᠡᠷ ᠦᠢᠯᠡᠰ ᠬᠦᠰᠡᠯ ᠴᠢᠨᠢ ᠪᠠᠶᠡᠯᠡᠭᠳᠡᠵᠤ ᠴᠢᠳᠠᠬᠤ ᠦᠬᠡᠢ ᠬᠠᠭᠠᠴᠠ ᠳᠤ ᠤᠴᠠᠷᠠᠭᠠᠳ ᠯᠠ ᠪᠠᠶᠢᠳᠠᠭ᠃ ᠲᠤᠮᠳᠠᠳᠤ ᠤᠯᠤᠰ ᠤᠨ ᠨᠢᠬᠡ ᠡᠯᠴᠢᠨ ᠡᠸᠦ᠋ᠷᠤᠫᠠ ᠳᠤ ᠠᠶᠢᠯᠴᠢᠯᠠᠭᠰᠠᠨ ᠦᠯᠢᠬᠡᠷ ᠪᠠᠶᠢᠳᠠᠭ᠃ ᠠᠩᠬ᠎ᠠ ᠠᠶᠢᠯᠴᠢᠯᠠᠬᠤ ᠳᠤ ᠤᠪᠤᠷ ᠰᠤᠷᠳᠠᠯ ᠢᠶᠠᠨ ᠲᠦᠪ ᠬᠢᠨᠠᠮᠠᠭᠠᠢ ᠪᠤᠯᠭᠠᠵᠤ ᠶᠠᠪᠤᠭᠰᠠᠨ ᠠᠴᠠ ᠪᠤᠴᠠᠭᠠᠳ ᠢᠷᠡᠬᠦ ᠳᠤ ᠪᠠᠨ ᠶᠡᠬᠡᠳᠡ ᠭᠠᠶᠢᠬᠠᠵᠤ ᠡᠨᠡ ᠡᠸᠦ᠋ᠷᠤᠫᠠ ᠶᠢᠨ ᠬᠦᠮᠤᠰ ᠶᠠᠭᠠᠬᠢᠭᠠᠳ ᠢᠨᠢᠶᠡᠳᠡᠭ ᠦᠬᠡᠢ ᠪᠤᠢ ᠬᠡᠰᠡᠨ ᠪᠤᠳᠤᠯ ᠤᠷᠤᠭᠠᠳ ᠲᠠᠭᠠᠭᠰᠠᠳ ᠠᠴᠠ ᠪᠠᠨ ᠠᠰᠠᠭᠤᠬᠤᠯᠠᠷ ᠲᠠᠭᠠᠭᠰᠠᠳ ᠨᠢ᠄ ᠲᠠ ᠴᠤ ᠨᠢᠬᠡ ᠴᠤ ᠢᠨᠢᠶᠡᠭᠰᠡᠨ ᠦᠬᠡᠢ ᠰᠢᠤ ᠬᠡᠵᠤ ᠬᠠᠷᠢᠭᠤᠯᠵᠠᠢ᠃ ᠡᠬᠦᠨ ᠳᠤ ᠨᠦᠬᠦᠬᠡ ᠡᠯᠴᠢᠨ ᠲᠠᠬᠢᠨ ᠤᠳᠠᠭ᠎ᠠ ᠠᠶᠢᠯᠴᠢᠯᠠᠬᠤ ᠳᠤ ᠪᠠᠨ ᠢᠨᠢᠶᠡᠮᠰᠦᠭ ᠴᠢᠷᠠᠢ ᠲᠠᠢ ᠶᠠᠪᠤᠵᠤ ᠶᠦᠮᠦᠷᠯᠢᠭ ᠬᠠᠨᠳᠤᠭᠰᠠᠨ ᠠᠴᠠ ᠡᠸᠦ᠋ᠷᠤᠫᠠ ᠎ ᠶᠢᠨ ᠬᠦᠮᠤᠰ ᠲᠡᠬᠦᠨ ᠠᠴᠠ ᠨᠡᠩ ᠢᠯᠡᠬᠦᠤ ᠢᠨᠢᠶᠡᠮᠰᠦᠭ ᠤᠭᠳᠤᠯ᠎ᠠ ᠬᠡᠰᠡᠨ ᠪᠠᠶᠢᠳᠠᠭ᠃ ᠴᠢ ᠬᠦᠮᠤᠨ ᠳᠤ ᠬᠡᠷᠬᠢᠨ ᠬᠠᠨᠳᠤᠪᠠᠯ ᠬᠦᠮᠤᠨ ᠴᠢᠮ᠎ᠠ ᠳᠤ ᠬᠡᠷᠬᠢᠨ ᠬᠠᠨᠳᠤᠨ᠎ᠠ ᠬᠡᠰᠡᠨ ᠦᠬᠡ ᠨᠢ ᠶᠠᠭ ᠡᠬᠦᠨ ᠢ ᠤᠨᠤᠭᠠᠭᠰᠠᠨ ᠳ᠋ᠠ᠃ ᠲᠡᠬᠡᠬᠦᠯᠡᠷ ᠬᠦᠮᠤᠰ ᠲᠤ ᠬᠠᠨᠳᠤᠬᠤ ᠳᠤ ᠪᠠᠨ ᠬᠡᠵᠢᠶᠡᠳᠡ ᠢᠨᠢᠶᠡᠮᠰᠦᠭ ᠴᠢᠷᠠᠢ ᠲᠠᠢ ᠪᠠᠶᠢᠵᠤ ᠠᠵᠢᠯ ᠦᠢᠯᠡᠰ ᠢᠶᠠᠨ ᠯᠠᠪᠲᠠᠢ ᠪᠦᠳᠤᠵᠤ ᠤᠷᠤᠭᠰᠢᠲᠠᠢ ᠪᠤᠯᠤᠨ᠎ᠠ ᠬᠡᠵᠤ ᠦᠬᠡᠳᠡᠷᠬᠡᠭ ᠪᠤᠳᠤᠯ ᠢᠶᠠᠷ ᠬᠠᠨᠳᠤᠪᠠᠯ ᠬᠦᠰᠡᠯᠡᠩᠳᠤ ᠦᠢᠯᠡᠰ ᠢᠶᠠᠨ ᠪᠠᠶᠡᠯᠡᠬᠦᠯᠬᠦ ᠲᠠᠪᠠᠭᠤᠯᠢᠭ ᠲᠠᠯ᠎ᠠ ᠶᠢ ᠠᠳᠬᠤᠴᠢᠬᠠᠭᠰᠠᠨ ᠤᠴᠢᠷ ᠲᠠᠢ᠃ ᠡᠶᠢᠮᠤ ᠠᠴᠠ ᠢᠨᠢᠶᠡᠮᠰᠦᠭ ᠴᠢᠷᠠᠢ᠂ ᠦᠬᠡᠳᠡᠷᠬᠡᠭ ᠪᠤᠳᠤᠯ ᠪᠤᠯ ᠬᠦᠮᠤᠰ ᠤᠨ ᠨᠢᠬᠡ ᠵᠦᠢᠯ ᠤᠨ ᠰᠡᠳᠬᠢᠴᠡ ᠶᠢᠨ ᠬᠡᠯᠪᠡᠷᠢ ᠮᠦᠷᠳᠡᠬᠡᠨ ᠤᠬᠠᠮᠰᠠᠷ ᠤᠨ ᠠᠰᠠᠭᠤᠳᠠᠯ ᠮᠥᠨ᠃ ᠬᠦᠮᠤᠰ ᠤᠨ ᠬᠦᠰᠡᠯ ᠬᠢᠰᠡᠯ ᠪᠤᠯ ᠬᠡᠵᠢᠶᠡᠳᠡ ᠲᠦᠬᠦᠷᠡᠰᠢ ᠦᠬᠡᠢ ᠬᠦᠨ ᠠᠩ ᠮᠥᠨ᠃ ᠲᠡᠬᠦᠨ ᠢᠶᠠᠨ ᠲᠦᠬᠦᠷᠬᠡᠵᠤ ᠶᠠᠪᠤᠶ᠎ᠠ ᠬᠡᠪᠡᠯ ᠴᠢᠨᠤ ᠤᠷᠴᠢᠨ ᠪᠠᠶᠢᠳᠠᠯ ᠬᠡᠳᠤᠢ ᠮᠠᠭᠤ᠂ ᠬᠡᠳᠤᠢ ᠬᠦᠴᠢᠷ ᠪᠡᠷᠬᠡᠰᠢᠶᠡᠯ ᠲᠠᠢ ᠪᠠᠶᠢᠯ᠎ᠠ ᠴᠤ ᠬᠡᠰᠡᠨ ᠤᠪᠤᠷ ᠰᠤᠷᠳᠠᠯ ᠢᠶᠠᠨ ᠲᠦᠪ ᠪᠤᠯᠭᠠᠵᠤ ᠢᠨᠢᠶᠡᠮᠰᠦᠭ ᠴᠢᠷᠠᠢ ᠦᠬᠡᠳᠡᠷᠬᠡᠭ ᠪᠤᠳᠤᠯ ᠢᠶᠠᠷ ᠬᠠᠨᠳᠤᠨ ᠨᠢᠬᠡ ᠰᠡᠳᠬᠢᠯ ᠢᠶᠠᠷ ᠬᠦᠴᠤᠯᠠᠨ ᠴᠢᠷᠮᠠᠶᠢᠳᠠᠭ ᠯᠠ ᠶᠤᠮ ᠪᠤᠯ ᠪᠠᠷᠳᠠᠭᠠᠳᠤ ᠵᠠᠮ ᠢ ᠲᠤᠭᠤᠯᠤᠨ ᠬᠦᠷᠤᠶ᠎ᠠ ᠬᠡᠰᠡᠨ ᠨᠤᠶᠠᠨ ᠤᠷᠬᠢᠯ ᠳᠤ ᠪᠠᠨ ᠯᠠᠪᠲᠠᠢ ᠬᠦᠷᠴᠤ ᠴᠢᠳᠠᠬᠤ ᠶᠤᠮ᠃  
 
ᠢᠷᠡᠯᠲᠡ᠄ ᠠᠯᠠᠱᠠ ᠵᠡᠭᠦᠨ ᠬᠤᠰᠢᠭᠤᠨ ᠤ ᠵᠠᠰᠠᠭ ᠤᠨ ᠣᠷᠳᠣᠨ ᠤ ᠮᠣᠩᠭᠤᠯ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号