ᠤᠳᠤᠬᠠᠨ ᠤ ᠬᠦᠮᠤᠰ ᠤᠨ ᠡᠷᠡᠬᠦᠯ ᠴᠢᠬᠢᠷᠠᠭ ᠤᠨ ᠪᠠᠷᠢᠮᠵᠢᠶ᠎ᠠ
ᠨᠡᠶᠢᠲᠡᠯᠡᠭᠰᠡᠨ ᠴᠠᠭ᠄
2024/7/10
 ᠵᠠᠩᠭᠠᠨᠤᠷᠪᠤ          ᠤᠳᠤᠬᠠᠨ ᠤ ᠬᠦᠮᠤᠰ ᠤᠨ ᠡᠷᠡᠬᠦᠯ ᠴᠢᠬᠢᠷᠠᠭ ᠤᠨ ᠪᠠᠷᠢᠮᠵᠢᠶ᠎ᠠ ᠨᠢ ᠵᠦᠪᠬᠡᠨ ᠪᠠᠶ᠎ᠠ ᠮᠠᠬᠠᠪᠤᠳ ᠡᠷᠡᠬᠦᠯ ᠴᠢᠬᠢᠷᠠᠭ ᠪᠠᠶᠢᠳᠠᠭ ᠢ ᠬᠡᠯᠡᠳᠡᠭ ᠠᠴᠠ ᠲᠡᠬᠡᠭᠰᠢᠯᠡᠬᠡᠳ ᠰᠡᠳᠬᠢᠴᠡ ᠶᠢᠨ ᠡᠷᠡᠬᠦᠯ ᠴᠢᠬᠢᠷᠠᠭ ᠪᠠᠶᠢᠬᠤ ᠪᠠ ᠤᠷᠴᠢᠨ ᠲᠤᠭᠤᠷᠢᠨ ᠲᠠᠢ ᠪᠠᠨ ᠵᠤᠬᠢᠴᠠᠨ ᠤᠷᠤᠰᠢᠵᠤ ᠴᠢᠳᠠᠬᠤ ᠡᠰᠡᠬᠦ ᠪᠠᠷ ᠪᠠᠷᠢᠮᠵᠢᠶᠠᠯᠠᠬᠤ ᠪᠤᠯᠵᠠᠢ᠃ ᠲᠡᠬᠡᠪᠡᠯ ᠬᠡᠷᠬᠢᠨ ᠪᠠᠶ᠎ᠡ ᠶᠢᠨ ᠡᠷᠡᠬᠦᠯ ᠴᠢᠬᠢᠷᠠᠭ ᠢ ᠪᠠᠳᠤᠯᠠᠬᠤ ᠪᠤᠢ︖ ᠡᠨᠡ ᠨᠢ ᠭᠤᠤᠯᠳᠠᠭᠤ ᠬᠦᠮᠤᠰ ᠤᠨ ᠠᠮᠢᠳᠤᠷᠠᠯ ᠤᠨ ᠵᠠᠩ ᠲᠠᠳᠬᠠᠯ ᠲᠠᠢ ᠰᠢᠭᠤᠳ ᠬᠤᠯᠪᠤᠭᠳᠠᠨ᠎ᠠ᠃ ᠡᠷᠡᠬᠦᠯ ᠴᠢᠬᠢᠷᠠᠭ ᠶᠠᠪᠤᠶ᠎ᠠ ᠬᠡᠪᠡᠯ ᠡᠷᠬᠡᠪᠰᠢ ᠲᠠᠩᠴᠡᠬᠦᠯᠬᠦ ᠶᠢ ᠬᠢᠴᠢᠶᠡᠬᠦ ᠬᠡᠷᠡᠭᠲᠠᠢ᠃ ᠠᠵᠢᠯᠯᠠᠵᠤ ᠠᠮᠠᠷᠠᠬᠤ ᠢᠳᠡᠵᠤ ᠤᠤᠭᠤᠬᠤ ᠵᠢᠷᠭᠠᠵᠤ ᠴᠡᠩᠬᠡᠬᠦ ᠠᠴᠠ ᠡᠬᠢᠯᠡᠬᠡᠳ ᠪᠦᠬᠦᠨ ᠢ ᠲᠠᠩᠴᠡᠬᠦᠯᠬᠦ ᠪᠤᠯ ᠪᠠᠶ᠎ᠡ ᠶᠢᠨ ᠡᠷᠡᠬᠦᠯ ᠴᠢᠬᠢᠷᠠᠭ ᠢ ᠪᠠᠳᠤᠯᠠᠬᠤ ᠎ ᠶᠢᠨ ᠵᠠᠩᠬᠢᠯᠭ᠎ᠠ ᠮᠥᠨ᠃ ᠡᠬᠦᠨ ᠳᠤ ᠬᠡᠳᠤᠷᠬᠡᠢ ᠰᠢᠨᠤᠬᠤ ᠪᠤᠯ ᠪᠠᠶ᠎ᠡ ᠶᠢᠨ ᠡᠷᠡᠬᠦᠯ ᠴᠢᠬᠢᠷᠠᠭ ᠢ ᠬᠦᠨᠤᠬᠡᠬᠦ ᠶᠢᠨ ᠭᠤᠤᠯ ᠢᠷᠠᠯᠳᠠ ᠮᠥᠨ᠃ ᠲᠠᠷᠠᠭ᠎ᠠ ᠨᠢ ᠬᠡᠳᠤᠷᠡᠬᠡᠢ ᠠᠯᠵᠠᠭᠤᠷᠠᠬᠤ ᠪᠤᠯ ᠮᠥᠨ ᠴᠤ ᠨᠢᠬᠡ ᠵᠦᠢᠯ ᠤᠨ ᠬᠦᠨᠤᠬᠡᠯᠳᠠ ᠮᠥᠨ᠃ ᠡᠶᠢᠮᠤ ᠠᠴᠠ ᠠᠯᠢᠪᠠ ᠵᠦᠢᠯ ᠳᠤ ᠭᠠᠭᠴᠠᠬᠠᠨ ᠲᠠᠩᠴᠡᠬᠦᠯᠵᠤ ᠴᠢᠳᠠᠪᠠᠯ ᠤᠷᠳᠤ ᠨᠠᠰᠤᠯᠠᠵᠤ ᠴᠢᠳᠠᠨ᠎ᠠ᠃ ᠤᠷᠳᠤ ᠨᠠᠰᠤᠯᠠᠪᠠᠯ ᠤᠳᠠᠭᠠᠨ ᠵᠢᠷᠭᠠᠵᠤ ᠴᠢᠳᠠᠨ᠎ᠠ᠃ ᠡᠨᠡ ᠪᠤᠯ ᠮᠤᠩᠭᠤᠯ ᠬᠦᠮᠤᠨ ᠤ ᠶᠢᠰᠤᠨ ᠡᠷᠳᠡᠮ ᠤᠨ ᠲᠡᠬᠡᠳᠤ ᠡᠷᠳᠡᠮ ᠪᠤᠯᠤᠨ᠎ᠠ᠃      ᠬᠡᠷᠬᠢᠨ ᠰᠡᠳᠬᠢᠴᠡ ᠪᠠᠨ ᠡᠷᠡᠬᠦᠯ ᠴᠢᠬᠢᠷᠠᠭ ᠪᠠᠶᠢᠯᠭᠠᠬᠤ ᠪᠤᠢ︖ ᠰᠢᠨ᠎ᠡ ᠴᠠᠭ ᠦᠶ᠎ᠡ ᠶᠢᠨ ᠲᠠᠬᠡᠳᠤ ᠬᠤᠷᠳᠤᠴᠠᠳᠤ ᠬᠦᠭᠵᠢᠯᠳᠠ ᠨᠢ ᠬᠦᠮᠤᠰ ᠤᠨ ᠰᠡᠳᠬᠢᠴᠡ ᠶᠢᠨ ᠤᠷᠤᠨ ᠵᠠᠢ ᠶᠢ ᠪᠤᠯᠢᠶᠠᠵᠤ ᠬᠦᠮᠤᠨ ᠠᠮᠠ ᠶᠢᠨ ᠵᠤᠵᠠᠭᠠᠷᠠᠯ᠂ ᠠᠵᠢᠯ ᠠᠮᠢᠳᠤᠷᠠᠯ ᠤᠨ ᠲᠠᠷᠤᠭᠠᠰᠤ ᠵᠡᠷᠬᠡ ᠨᠢ ᠬᠦᠮᠤᠰ ᠤᠨ ᠰᠡᠳᠬᠢᠴᠡ ᠶᠢᠨ ᠲᠠᠩᠴᠡᠬᠦᠷᠢ ᠶᠢ ᠠᠯᠳᠠᠭᠳᠠᠭᠤᠯᠵᠤ ᠡᠮᠬᠡᠭ ᠵᠤᠪᠠᠯᠠᠩ ᠎ ᠲᠠᠢ ᠪᠤᠯᠭᠠᠳᠠᠭ ᠪᠠᠶᠢᠨ᠎ᠠ᠃ ᠡᠬᠦᠨ ᠳᠤ ᠡᠷ᠎ᠡ ᠬᠦᠮᠤᠨ ᠤ ᠴᠡᠬᠡᠵᠢᠨ ᠳᠤ ᠡᠮᠡᠬᠡᠯ ᠲᠠᠢ ᠮᠤᠷᠢ ᠡᠷᠬᠢᠨ᠎ᠡ ᠬᠡᠳᠡᠭ ᠮᠡᠷᠬᠡᠨ ᠦᠬᠡ ᠎ ᠶᠢ ᠰᠠᠨᠠᠵᠤ ᠦᠷᠬᠦᠯᠬᠦ ᠰᠡᠳᠬᠢᠯ ᠰᠠᠨᠠᠭ᠎ᠠ ᠪᠠᠨ ᠠᠭᠤᠵᠢᠮ ᠲᠠᠯᠪᠢᠵᠤ ᠠᠯᠢᠪᠠ ᠵᠦᠢᠯ ᠳᠤ ᠦᠷᠤᠰᠢᠶᠠᠯ ᠠᠭᠤᠳᠠᠮᠴᠢ ᠪᠠᠶᠢᠵᠤ ᠠᠵᠢᠯ ᠠᠮᠢᠳᠤᠷᠠᠯ ᠳᠤ ᠪᠠᠨ ᠦᠷᠬᠦᠯᠵᠢ ᠶᠢᠨ ᠪᠠᠶᠠᠷ ᠪᠠᠶᠠᠰᠬᠤᠯᠠᠩ ᠲᠠᠢ ᠪᠠᠶᠢᠬᠤ ᠪᠤᠯ ᠰᠡᠳᠬᠢᠴᠡ ᠶᠢᠨ ᠡᠷᠡᠬᠦᠯ ᠴᠢᠬᠢᠷᠠᠭ ᠢ ᠪᠠᠳᠤᠯᠠᠬᠤ ᠶᠢᠨ ᠵᠠᠩᠬᠢᠯᠭ᠎ᠠ ᠮᠥᠨ᠃ ᠶᠠᠮᠠᠷᠪᠠ ᠵᠦᠢᠯ ᠳᠤ ᠢᠳᠡᠪᠬᠢᠲᠠᠢ ᠤᠷᠮ᠎ᠠ ᠰᠡᠳᠬᠢᠯᠬᠡ ᠲᠠᠢ ᠬᠠᠨᠳᠤᠵᠤ ᠬᠦᠴᠢᠷ ᠵᠤᠪᠠᠯᠠᠩ ᠪᠠ ᠪᠠᠶᠠᠷ ᠵᠢᠷᠭᠠᠯ ᠠᠯᠢᠨ ᠨᠢ ᠲᠠᠭᠠᠷᠠᠭᠰᠠᠨ ᠴᠤ ᠠᠮᠢᠳᠤᠷᠠᠯ ᠤᠨ ᠠᠶᠠᠨᠳᠠᠭᠠᠨ ᠤ ᠦᠵᠡᠭᠳᠡᠯ ᠬᠡᠮᠡᠨ ᠪᠤᠯᠭᠤᠭᠰᠠᠨ ᠪᠠᠶᠢᠬᠤ ᠬᠡᠷᠡᠭᠲᠠᠢ᠃ ᠡᠨᠡ ᠪᠤᠯ ᠰᠡᠳᠬᠢᠯ ᠤᠨ ᠲᠠᠩᠴᠡᠬᠦᠷᠢ ᠶᠢ ᠪᠠᠳᠤᠯᠠᠬᠤ ᠶᠢᠨ ᠵᠤᠷ ᠮᠥᠨ᠃      ᠬᠡᠷᠬᠢᠨ ᠤᠷᠴᠢᠨ ᠲᠤᠭᠤᠷᠢᠨ ᠲᠠᠢ ᠪᠠᠨ ᠵᠤᠬᠢᠴᠠᠨ ᠤᠷᠤᠰᠢᠵᠤ ᠴᠢᠳᠠᠬᠤ ᠪᠤᠢ︖ ᠬᠦᠮᠤᠰ ᠤᠷᠴᠢᠨ ᠲᠤᠭᠤᠷᠢᠨ ᠎ ᠲᠠᠢ ᠪᠠᠨ ᠵᠤᠬᠢᠴᠠᠨ ᠤᠷᠤᠰᠢᠵᠤ ᠴᠢᠳᠠᠬᠤ ᠦᠬᠡᠢ ᠠᠴᠠ ᠪᠤᠯᠵᠤ ᠰᠡᠳᠬᠢᠴᠡ ᠶᠢᠨ ᠲᠠᠩᠴᠡᠬᠦᠷᠢ ᠪᠠᠨ ᠠᠯᠳᠠᠬᠤ ᠪᠠ ᠪᠠᠶ᠎ᠡ ᠎ ᠶᠢᠨ ᠡᠷᠡᠬᠦᠯ ᠴᠢᠬᠢᠷᠠᠭ ᠢᠶᠠᠨ ᠠᠯᠳᠠᠳᠠᠭ᠃ ᠡᠶᠢᠮᠤ ᠠᠴᠠ ᠤᠷᠴᠢᠨ ᠲᠤᠭᠤᠷᠢᠨ ᠲᠠᠢ ᠪᠠᠨ ᠵᠤᠬᠢᠴᠠᠨ ᠤᠷᠤᠰᠢᠬᠤ ᠪᠤᠯ ᠪᠠᠰᠠ ᠴᠤ ᠡᠷᠡᠬᠦᠯ ᠴᠢᠬᠢᠷᠠᠭ ᠤᠨ ᠴᠢᠬᠤᠯᠠ ᠪᠠᠷᠢᠮᠵᠢᠶ᠎ᠠ ᠮᠥᠨ᠃ ᠳ᠋ᠠᠷᠸᠢᠨ ᠬᠡᠯᠡᠬᠦ ᠳᠤ ᠪᠠᠨ ︽ᠤᠷᠴᠢᠨ ᠲᠤᠭᠤᠷᠢᠨ ᠲᠠᠢ ᠪᠠᠨ ᠵᠤᠬᠢᠴᠠᠭᠴᠢᠳ ᠠᠨᠤ ᠤᠷᠤᠰᠢᠵᠤ ᠡᠰᠡ ᠵᠤᠬᠢᠴᠠᠭᠴᠢᠳ ᠠᠨᠤ ᠮᠦᠬᠦᠮᠤᠢ︾ ᠬᠡᠵᠠᠢ᠃ ᠬᠦᠮᠤᠨ ᠴᠤ ᠠᠳᠠᠯᠢᠬᠠᠨ᠂ ᠲᠠᠷᠡ ᠲᠦᠮᠡᠨ ᠪᠤᠳᠠᠰ ᠤᠨ ᠨᠢᠬᠡ ᠪᠤᠯᠬᠤ ᠲᠤᠯᠠ ᠪᠠᠶᠢᠭᠠᠯᠢ ᠶᠢᠨ ᠲᠦᠷᠤᠳᠠᠰᠤ ᠪᠠᠶᠢᠭᠠᠯᠢ ᠶᠢᠨ ᠪᠦᠷᠢᠯᠳᠤᠬᠦᠨ ᠮᠦᠷᠳᠡᠬᠡᠨ ᠶᠠᠮᠠᠷᠪᠠ ᠬᠦᠮᠤᠨ ᠪᠦᠷ ᠨᠡᠶᠢᠬᠡᠮ ᠤᠨ ᠨᠢᠬᠡ ᠬᠡᠰᠢᠬᠦᠨ ᠮᠥᠨ᠃ ᠡᠶᠢᠮᠤ ᠠᠴᠠ ᠤᠷᠤᠰᠢᠵᠤ ᠪᠦᠬᠦᠢ ᠨᠡᠶᠢᠬᠡᠮ ᠪᠤᠯ ᠲᠠᠷᠤᠢ ᠴᠢᠨᠤ ᠨᠡᠶᠢᠬᠡᠮ ᠮᠥᠨ᠃ ᠲᠡᠷᠡᠬᠦ ᠤᠷᠴᠢᠨ ᠳᠤ ᠪᠠᠨ ᠬᠠᠶᠢᠷᠠᠲᠠᠢ ᠬᠠᠯᠠᠭᠤᠮᠰᠤᠭ ᠪᠠᠶᠢᠵᠤ ᠲᠡᠷᠡᠬᠦ ᠤᠷᠴᠢᠨ ᠳᠤ ᠪᠠᠨ ᠢᠳᠡᠪᠬᠢᠲᠠᠢ ᠤᠷᠮᠠᠰ ᠰᠡᠳᠬᠢᠯᠬᠡ ᠪᠠᠷ ᠤᠴᠢᠵᠤ ᠬᠠᠨᠳᠤᠬᠤ ᠬᠡᠷᠡᠭᠲᠠᠢ᠃ ᠪᠢᠳᠡᠬᠡᠢ ᠪᠤᠰᠤᠳ ᠢ ᠦᠬᠡᠷᠡᠴᠢᠯᠡᠶ᠎ᠡ ᠬᠡᠵᠤ ᠪᠤᠳᠤ᠂ ᠬᠠᠷᠢᠨ ᠦᠪᠡᠷ ᠢ ᠪᠠᠨ ᠦᠷᠬᠦᠯᠵᠢ ᠰᠢᠨᠵᠢᠵᠤ ᠵᠠᠰᠠᠵᠤ ᠦᠬᠡᠷᠡᠴᠢᠯᠡᠬᠦ ᠬᠡᠷᠡᠭᠲᠠᠢ᠃ ᠦᠪᠡᠷ ᠢ ᠪᠠᠨ ᠦᠬᠡᠷᠡᠴᠢᠯᠠᠵᠤ ᠤᠷᠴᠢᠨ ᠲᠤᠭᠤᠷᠢᠨ ᠲᠠᠢ ᠪᠠᠨ ᠵᠤᠬᠢᠴᠠᠬᠤ ᠬᠡᠷᠡᠭᠲᠠᠢ᠃ ᠤᠷᠴᠢᠨ ᠲᠤᠭᠤᠷᠢᠨ ᠲᠠᠢ ᠪᠠᠨ ᠵᠤᠬᠢᠴᠠᠬᠤ ᠳᠤ ᠬᠦᠮᠤᠰ ᠤᠨ ᠦᠵᠡᠯᠳᠡ ᠬᠠᠮᠤᠭ ᠴᠢᠬᠤᠯᠠ ᠪᠠᠶᠢᠳᠠᠭ᠃ ᠴᠢ ᠬᠡᠷᠪᠡ ᠤᠷᠴᠢᠨ ᠲᠤᠭᠤᠷᠢᠨ ᠤ ᠪᠠᠨ ᠬᠦᠮᠤᠰ ᠢ ᠠᠷᠰᠢ ᠬᠤᠪᠢᠯᠭᠠᠨ ᠬᠡᠵᠤ ᠪᠤᠳᠤᠪᠠᠯ ᠴᠢ ᠲᠠᠷᠤᠢ ᠪᠤᠷᠬᠠᠨ ᠤ ᠤᠷᠤᠨ ᠳᠤ ᠠᠮᠢᠳᠤᠷᠠᠵᠤ ᠪᠠᠶᠢᠳᠠᠭ᠃ ᠴᠢ ᠬᠡᠷᠪᠡ ᠤᠷᠴᠢᠨ ᠲᠤᠭᠤᠷᠢᠨ ᠤ ᠪᠠᠨ ᠬᠦᠮᠤᠰ ᠢ ᠴᠢᠳᠬᠦᠷ ᠰᠢᠮᠨᠤᠰ ᠬᠡᠵᠤ ᠪᠤᠳᠤᠪᠠᠯ ᠴᠢ ᠲᠠᠷᠤᠢ ᠲᠠᠮᠤ ᠶᠢᠨ ᠤᠷᠤᠨ ᠳᠤ ᠠᠮᠢᠳᠤᠷᠠᠬᠤ ᠪᠤᠯᠳᠠᠭ᠃ ᠵᠠᠩᠬᠢᠯᠠᠭ᠎ᠠ ᠶᠢᠨ ᠴᠠᠭ ᠎ ᠲᠤ ᠰᠡᠳᠬᠢᠴᠡ ᠪᠠᠨ ᠬᠤᠪᠢᠷᠠᠭᠤᠯᠵᠤ ᠨᠦᠬᠦᠬᠡ ᠲᠠᠯ᠎ᠠ ᠠᠴᠠ ᠨᠢ ᠪᠤᠳᠤᠯᠬᠢᠯᠠᠬᠤ ᠪᠤᠯ ᠠᠰᠠᠭᠤᠳᠠᠯ ᠢ ᠰᠢᠢᠳᠪᠤᠷᠢᠯᠠᠬᠦ ᠶᠢᠨ ᠨᠢᠬᠡ ᠰᠠᠶᠢᠨ ᠠᠷᠭ᠎ᠠ ᠮᠥᠨ᠃ ᠰᠢᠨ᠎ᠡ ᠴᠠᠭ ᠦᠶ᠎ᠡ ᠪᠢᠳᠠᠨ ᠢ ᠰᠢᠨ᠎ᠡ ᠡᠷᠡᠬᠦᠯ ᠴᠢᠬᠡᠷᠠᠭ ᠲᠠᠢ ᠪᠠᠶᠢᠬᠤ ᠶᠢ ᠱᠠᠭᠠᠷᠳᠠᠵᠤ ᠪᠠᠶᠢᠨ᠎ᠠ᠃ ᠪᠢᠳᠠ ᠪᠠᠶ᠎ᠡ᠂ ᠰᠡᠳᠬᠢᠴᠡ᠂ ᠤᠷᠤᠰᠢᠯ ᠤᠨ ᠡᠷᠡᠬᠦᠯ ᠴᠢᠬᠢᠷᠠᠭ ᠢ ᠪᠠᠳᠤᠯᠠᠵᠤ ᠪᠠᠶᠠᠷ ᠵᠢᠷᠭᠠᠯ ᠲᠠᠢ ᠠᠮᠢᠳᠤᠷᠠᠵᠤ ᠠᠵᠢᠯᠯᠠᠵᠠᠭᠠᠶ᠎ᠠ᠃  
 
ᠢᠷᠡᠯᠲᠡ᠄ ᠠᠯᠠᠱᠠ ᠵᠡᠭᠦᠨ ᠬᠤᠰᠢᠭᠤᠨ ᠤ ᠵᠠᠰᠠᠭ ᠤᠨ ᠣᠷᠳᠣᠨ ᠤ ᠮᠣᠩᠭᠤᠯ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号