| ︽ᠬᠡᠨ ᠬᠡᠨ ᠤ ᠮᠠᠯ ᠶᠠᠭᠠᠬᠢᠭᠰᠠᠨ ᠪᠠᠶᠢᠨ᠎ᠠ︾ ᠬᠡᠬᠦ ᠳᠤ ︽ᠲᠤᠭᠤᠢ ᠲᠤᠭᠤᠢ᠂ ᠬᠠᠮᠤᠭ ᠰᠠᠶᠢᠨ ᠨᠢ ᠡᠰᠡ | ᠮᠡᠳᠡᠭᠴᠢᠨ ᠴᠢᠷᠠᠶᠢᠯᠠᠵᠤ ᠪᠠᠶᠢᠬᠤ ᠨᠢ ᠲᠡᠬᠡᠷ᠎ᠡ︾ ᠬᠡᠨ᠎ᠡ᠃ ︽ᠬᠡᠨ ᠬᠡᠨ ᠤ ᠨᠤᠳᠤᠭ ᠬᠡᠨ ᠳᠤ ᠡᠵᠡᠯᠡᠭᠳᠡᠭᠰᠡᠨ | ᠪᠠᠶᠢᠨ᠎ᠠ ᠰᠢᠤ︾ ᠬᠡᠬᠦᠯᠡᠷ ︽ᠲᠤᠭᠤᠢ ᠲᠤᠭᠤᠢ᠂ ᠬᠠᠮᠢᠶᠠᠷᠬᠤ ᠬᠡᠷᠡᠭ ᠦᠬᠡᠢ︾ ᠬᠡᠨ᠎ᠡ᠃ ︽ᠬᠡᠨ ᠬᠡᠨ ᠤ ᠬᠡᠤᠬᠡᠳ | ᠶᠠᠭᠠᠬᠢᠵᠤ ᠲᠦᠷᠰᠤᠬᠦᠶᠢᠳᠡᠵᠤ ᠪᠠᠶᠢᠨ᠎ᠠ ᠰᠢᠤ︾ ᠬᠡᠬᠦᠯᠡᠷ ︽ᠵᠠ᠂ ᠲᠡᠷᠡ ᠤᠳᠤ ᠶᠠᠭᠤ ᠶᠢ ᠨᠢ ᠬᠠᠮᠢᠶᠠᠷᠬᠤ ᠪᠤᠢ︖ | ᠡᠴᠢᠬᠡ ᠡᠬᠡ ᠨᠢ ᠴᠤ ᠬᠦᠴᠤᠷᠬᠦ ᠦᠬᠡᠢ ᠶᠤᠮ ᠴᠢᠨᠢ︾ ᠬᠡᠨ᠎ᠡ᠃ ︽ᠬᠡᠨ ᠬᠡᠨ ᠤ ᠡᠷᠬᠡ ᠵᠡᠷᠬᠡ ᠶᠢ ᠪᠠᠭᠤᠷᠠᠭᠤᠯᠵᠤ | ᠤᠷᠤᠨ ᠳᠤ ᠨᠢ ᠡᠮᠤᠨ᠎ᠡ ᠶᠢᠨ ᠬᠢ ᠶᠢ ᠲᠠᠯᠪᠢᠯ᠎ᠠ ᠰᠢᠤ︾ ᠬᠡᠬᠦᠯᠡᠷ ︽ᠵᠠ᠂ ᠲᠤᠭᠤᠢ ᠲᠤᠭᠤᠢ᠂ ᠲᠤᠯᠤᠮ ᠪᠦᠳᠤᠨ | ᠪᠠᠶᠢᠪᠠᠯ ᠲᠤᠭᠤᠢ ᠪᠠᠶᠢᠪᠠᠯ ᠪᠠᠷᠠᠯ᠎ᠠ︾ ᠬᠡᠨ᠎ᠡ᠃ ᠡᠨᠡᠴᠢᠯᠡᠨ ᠮᠤᠩᠭᠤᠯ ᠠᠬ᠎ᠠ ᠲᠡᠬᠦᠤ ᠨᠠᠷ ᠨᠢᠬᠡ ᠨᠢᠬᠡᠨ ᠤ ᠪᠠᠨ ᠶᠠᠭᠤ | ᠶᠠᠭᠠᠬᠢᠭᠰᠠᠨ᠂ ᠬᠡᠷᠬᠢᠭᠰᠡᠨ ᠬᠡᠳᠡᠭ ᠤᠨ ᠲᠤᠬᠠᠢ ᠤᠯᠠᠮ ᠢᠯᠡᠬᠦᠤ ︽ᠡᠰᠡ ᠮᠡᠳᠡᠭᠴᠢᠨ︾ ᠴᠢᠷᠠᠶᠢᠯᠠᠬᠤ ᠪᠤᠯᠴᠢᠬᠠᠪᠠ᠃ | ᠬᠠᠷᠢᠨ ᠵᠤᠭᠤᠰ ᠲᠠᠢ ᠪᠤᠯᠴᠢᠬᠠᠯ᠎ᠠ᠂ ᠨᠤᠶᠠᠨ ᠵᠡᠷᠬᠡ ᠲᠠᠪᠰᠢᠴᠢᠬᠠᠯᠠ ᠬᠡᠬᠦ ᠳᠤ ᠨᠢ ᠰᠠᠶᠢᠬᠠᠨ ᠴᠢᠷᠠᠶᠢᠯᠠᠵᠤ | ᠤᠴᠢᠭᠠᠳ ᠵᠤᠪᠠᠯᠠᠩ ᠲᠤᠭᠠᠴᠠᠵᠤ ᠵᠤᠭᠤᠰ ᠵᠢᠬᠡᠯᠡᠬᠦ ᠬᠡᠬᠦ ᠦᠬᠡᠢ ᠪᠤᠯ ᠬᠡᠷᠡᠭ ᠪᠦᠳᠤᠬᠡᠯᠬᠡᠬᠦ ᠬᠡᠨ᠎ᠡ᠃ ᠬᠠᠷᠢᠨ | ᠪᠤᠴᠠᠭᠠᠳ ᠬᠠᠪᠰᠤᠷᠤᠶ᠎ᠠ ᠬᠡᠬᠦ ᠪᠤᠶᠤ ᠪᠤᠬᠤᠷ ᠢᠶᠠᠨ ᠠᠯᠠᠭᠠᠳᠠᠭᠠᠳ ᠪᠤᠴᠠᠭᠠᠳ ᠶᠠᠪᠤᠭᠰᠠᠭᠠᠷ ᠯᠡ ᠡᠯᠳᠡᠪ ᠡᠰᠡᠨ | ᠶᠠᠭᠤᠮ᠎ᠠ ᠲᠤᠭᠠᠴᠠᠵᠤ ᠮᠠᠭᠤᠯᠠᠵᠤ ᠦᠬᠡᠢ ᠯᠡ ᠪᠤᠯ ︽ᠡᠰᠡ ᠮᠡᠳᠡᠭᠴᠢᠨ︾ ᠴᠢᠷᠠᠶᠢᠯᠠᠨᠠ᠃ ᠮᠠᠭᠤ ᠰᠠᠶᠢᠨ᠂ | ᠮᠤᠰᠢᠭᠠᠢ ᠬᠠᠵᠠᠭᠠᠢ ᠶᠠᠪᠤᠭᠰᠠᠠᠳ ᠢ ᠬᠠᠷᠠᠳᠠᠯ᠎ᠠ ᠬᠡᠯᠡᠬᠦ ᠦᠬᠡᠢ ᠤᠷᠬᠢᠬᠤ ᠵᠠᠩ ᠮᠠᠨᠠᠶᠢᠬᠡᠨ ᠤ ᠲᠤᠳᠤᠷ᠎ᠠ ᠭᠠᠵᠠᠷ | ᠠᠪᠤᠭᠰᠠᠭᠠᠷ᠂ ᠦᠩᠬᠡᠷᠡᠭᠰᠡᠨ ᠳᠤ ᠮᠠᠭᠤ ᠶᠠᠪᠤᠭᠰᠠᠨ ᠬᠦᠮᠤᠨ ᠢ ᠬᠦᠮᠤᠨ ᠪᠤᠯᠭᠠᠨ ᠬᠡᠯᠡᠵᠤ ᠵᠠᠰᠠᠵᠤ ᠵᠠᠯᠠᠳᠠᠭ ᠪᠠᠶᠢᠬᠤ | ᠳᠤ ᠤᠳᠤ ᠬᠠᠷᠢᠨ ᠪᠦᠷ ᠬᠤᠳᠠ ᠶᠢᠨ ᠵᠢᠵᠢᠭ ᠠᠷᠠᠳ ᠤᠨ ᠬᠦᠢᠳᠡᠨ ᠴᠠᠪᠳᠡᠭ ᠬᠠᠷᠠᠴᠠ ᠪᠠᠷ ᠨᠢᠬᠡ ᠨᠢᠬᠡᠨ ᠢᠶᠠᠨ | ᠬᠠᠷᠠᠬᠤ ᠪᠤᠯᠴᠢᠬᠠᠵᠠᠢ᠃ | ᠲᠡᠷᠡ ᠵᠢᠯ ᠪᠢᠳᠠ ᠪᠡᠬᠡᠵᠢᠩ ᠳᠤ ᠲᠤᠭᠤᠷᠢᠨ ᠰᠤᠷᠤᠯᠴᠠᠵᠤ ᠪᠠᠶᠢᠬᠤ ᠳᠤ ᠭᠠᠵᠠᠷ ᠲᠤᠤᠷᠠᠬᠢ ᠲᠠᠮᠤᠷ ᠵᠠᠮ ᠤᠨ | ᠨᠦᠬᠡᠨ ᠠᠴᠠ ᠭᠠᠷᠬᠤ ᠬᠡᠵᠤ ᠶᠠᠪᠤᠵᠤ ᠪᠠᠶᠢᠬᠤ ᠳᠤ ᠨᠢᠬᠡ ᠪᠦᠰᠡᠬᠦᠢ ᠠᠭᠠᠷ ᠪᠦᠭᠴᠢᠮᠳᠡᠭᠰᠡᠨ ᠠᠴᠠ ᠪᠤᠯᠵᠤ | ᠬᠡᠨᠡᠳᠳᠡ ᠮᠠᠨᠠᠷᠠᠨ ᠤᠨᠠᠬᠤ ᠳᠤ ᠮᠠᠨ ᠤ ᠨᠢᠬᠡ ᠨᠠᠰᠤᠳᠠᠨ ᠪᠠᠷᠢᠭᠰᠠᠨ ᠪᠤᠭᠴᠤ ᠪᠠᠨ ᠰᠢᠳᠠᠵᠤ ᠲᠡᠬᠦᠨ ᠢ ᠲᠦᠰᠢᠨ | ᠠᠪᠤᠭᠠᠳ ᠭᠠᠵᠠᠷ ᠲᠡᠬᠡᠷ᠎ᠡ ᠬᠡᠪᠳᠡᠬᠦᠯᠵᠤ ᠲᠦᠷᠬᠡᠨ ᠠᠪᠤᠷᠠᠯᠳᠠ ᠬᠢᠬᠦ ᠶᠢᠨ ᠬᠠᠮᠳᠤ ᠮᠠᠨ ᠤ ᠬᠡᠳᠤᠬᠦᠯᠡ ᠶᠢ | ᠲᠠᠭᠤᠳᠠᠵᠤ ᠲᠦᠷᠬᠡᠨ ᠡᠬᠦᠨ ᠢ ᠭᠠᠳᠠᠨ᠎ᠠ ᠰᠠᠯᠬᠢᠨ ᠳᠤ ᠭᠠᠷᠭᠠᠭᠠᠴᠢ ᠬᠡᠵᠤ ᠪᠢᠯᠡ᠃ ᠲᠡᠷᠡ ᠰᠠᠶᠢᠬᠠᠨ ᠰᠡᠳᠬᠢᠯ ᠤᠨ | ᠲᠤᠰᠠ ᠪᠠᠷ ᠪᠢᠳᠠᠨᠤᠰ ᠴᠤ ᠬᠦᠮᠤᠨ ᠠᠪᠤᠷᠠᠭᠰᠠᠨ ᠬᠦᠮᠤᠨ ᠪᠤᠯᠵᠤ ᠭᠠᠭᠴᠠ ᠨᠢᠬᠡ ᠬᠢᠯᠠᠷᠠᠭᠰᠠᠨ ᠪᠢᠯᠡ᠃ ᠲᠡᠬᠡᠬᠦ | ᠳᠤ ᠵᠠᠷᠢᠮᠠᠳ ᠡᠨᠡ ᠬᠡᠳᠤᠨ ᠬᠦᠳᠡᠭᠡ ᠶᠢᠨ ᠪᠤᠯᠬᠢᠴᠤᠤᠯ ᠢᠯᠡᠬᠦᠴᠡ ᠶᠠᠭᠤᠮᠠᠨ ᠳᠤ ᠲᠤᠷᠠᠯᠠᠭᠠᠳ᠂ ᠬᠡᠷᠡᠭ ᠲᠤ | ᠤᠷᠢᠶᠠᠭᠳᠠᠪᠠᠯ ᠶᠠᠭᠠᠬᠢᠨ᠎ᠠ ᠬᠡᠵᠤ ᠰᠤᠷᠴᠢᠨ ᠵᠠᠩ ᠭᠠᠷᠭᠠᠵᠤ ᠬᠠᠷᠢᠶᠠᠯ ᠢᠷᠤᠬᠡᠯ ᠲᠠᠳᠠᠯᠠᠵᠤ ᠪᠠᠶᠢᠭᠰᠠᠨ ᠪᠢᠯᠡ᠃ | ᠲᠡᠬᠡᠬᠦ ᠳᠤ ᠮᠠᠨ ᠤ ᠨᠠᠰᠤᠳᠠᠨ᠄ ᠡᠨᠡ ᠲᠡᠯᠡᠬᠡᠢ ᠳᠤ ᠰᠠᠶᠢᠨ ᠬᠦᠮᠤᠨ ᠬᠠᠰᠢᠯᠠ ᠤᠯᠠᠩᠬᠢ ᠲᠤᠭ᠎ᠠ ᠶᠢ ᠡᠵᠡᠯᠡᠨ᠎ᠡ ᠬᠡᠵᠤ | ᠬᠠᠷᠢᠭᠤ ᠬᠡᠯᠡᠬᠡᠳ ᠮᠤᠬᠤᠭᠠᠵᠤ ᠪᠠᠶᠢᠭᠰᠠᠨ ᠨᠢ ᠰᠠᠨᠠᠭᠳᠠᠨ᠎ᠠ᠃ ᠬᠡᠷᠪᠡ ᠲᠡᠷᠡ ᠤᠨᠠᠭᠰᠠᠨ ᠬᠦᠮᠤᠨ ᠨᠢ ᠦᠬᠡᠷ᠎ᠡ | ᠬᠦᠮᠤᠨ ᠪᠢᠰᠢ ᠪᠢᠳᠠ ᠦᠪᠡᠷ ᠢᠶᠠᠨ ᠪᠠᠶᠢᠭᠰᠠᠨ ᠪᠤᠯ ᠶᠠᠭᠠᠬᠢᠨ᠎ᠠ᠂ ᠲᠡᠬᠡᠬᠡᠳ ᠦᠬᠦᠬᠡᠳ ᠲᠠᠭᠤᠰᠤᠨ᠎ᠠ ᠬᠡᠵᠤ ᠤᠤ︖ | ᠮᠠᠨᠠᠶᠢᠬᠡᠨ ᠤ ᠨᠢᠬᠡ ᠵᠠᠯᠠᠭᠤ ᠠᠷᠢᠬᠢ ᠤᠤᠭᠤᠵᠤ ᠪᠠᠶᠢᠨ᠎ᠠ᠃ ᠦᠵᠡᠭᠰᠡᠨ ᠪᠤᠯᠭᠠᠨ ︽ᠡᠰᠡ ᠮᠡᠳᠡᠭᠴᠢᠨ︾ | ᠴᠢᠷᠠᠶᠢᠯᠠᠵᠤ ᠬᠡᠯᠡᠬᠦ ᠦᠬᠡᠢ ᠦᠩᠬᠡᠷᠡᠨ᠎ᠡ᠃ ᠶᠠᠭᠠᠬᠢᠭᠠᠳ ᠬᠡᠯᠡᠳᠡᠭ ᠦᠬᠡᠢ ᠪᠤᠢ︖ ᠬᠡᠬᠦ ᠳᠤ ︽ᠬᠡᠯᠡᠬᠡᠳ ᠴᠤ | ᠦᠬᠡ ᠰᠤᠨᠤᠰᠬᠤ ᠦᠬᠡᠢ︾ ᠬᠡᠨ᠎ᠡ᠃ ᠲᠡᠷᠡ ᠴᠤ ᠮᠠᠭᠠᠳ᠃ ᠬᠡᠳᠡᠯ᠎ᠡ ᠬᠦᠮᠤᠨ ᠪᠤᠯᠭᠠᠨ ᠲᠡᠬᠦᠨ ᠢ ᠬᠡᠯᠡᠪᠡ ᠤᠤ︖ | ᠬᠡᠳᠡᠭ ᠠᠰᠠᠭᠤᠳᠠᠯ ᠭᠠᠷᠤᠨ᠎ᠠ᠃ ᠬᠡᠯᠡᠯᠬᠡᠨ ᠦᠬᠡᠢ ᠨᠢᠬᠡ ᠬᠤᠶᠠᠷ ᠬᠦᠮᠤᠨ ᠬᠡᠯᠡᠬᠡᠳ ᠭᠤᠷᠢ ᠦᠬᠡᠢ᠃ ᠬᠡᠪᠡᠴᠤ | ᠬᠦᠮᠤᠨ ᠪᠤᠯᠭᠠᠨ᠂ ᠦᠵᠡᠭᠰᠡᠨ ᠭᠠᠵᠠᠷ ᠪᠤᠯᠭᠠᠨ ᠬᠡᠯᠡᠬᠦ ᠳᠤ ᠬᠦᠷᠪᠡᠯ ᠨᠢᠬᠡ ᠪᠤᠯ ᠲᠡᠷᠡ ᠵᠠᠯᠠᠭᠤ ᠠᠷᠢᠬᠢ ᠪᠠᠨ | ᠵᠤᠭᠰᠤᠨ᠎ᠠ᠃ ᠦᠬᠡᠢ ᠪᠤᠯ ᠦᠬᠦᠨ᠎ᠡ᠃ ᠡᠶᠢᠮᠤ ᠬᠤᠶᠠᠷᠬᠠᠨ ᠵᠠᠮ ᠠᠴᠠ ᠲᠡᠷᠡ ᠯᠠᠪᠲᠠᠢ ᠡᠮᠤᠨᠡᠬᠢ ᠶᠢ ᠨᠢ | ᠰᠤᠩᠭᠤᠬᠤ ᠪᠠᠶᠢᠬ᠎ᠠ︕ | ᠲᠡᠬᠡᠬᠦᠯᠡᠷ ᠨᠢᠬᠡ ᠬᠦᠮᠤᠨ ᠨᠠᠮ᠎ᠠ ᠳᠤ ᠤᠳᠤ ᠶᠢᠨ ᠬᠦᠮᠤᠨ ᠤᠨᠳᠤᠤ ᠶᠠᠭᠤᠮ᠎ᠠ ᠪᠤᠯᠤᠭᠰᠠᠨ᠂ ᠲᠡᠭᠷᠢ ᠲᠡᠬᠡᠷ᠎ᠡ | ᠠᠴᠠ ᠴᠢᠯᠠᠭᠤ ᠤᠨᠠᠬᠤ ᠲᠡᠬᠡᠷ᠎ᠡ ᠬᠦᠷᠪᠡᠯ ᠠᠷᠪᠠᠨ ᠬᠦᠮᠤᠨ ᠠᠷᠪᠠᠭᠤᠯᠠ ᠪᠠᠨ ᠦᠵᠡᠭᠰᠡᠨ ᠪᠤᠯᠪᠠᠴᠤ ᠦᠪᠡᠷ ᠤᠨ | ᠬᠢᠨᠢ ᠲᠤᠯᠤᠭᠠᠢ ᠲᠡᠬᠡᠷ᠎ᠡ ᠤᠨᠠᠬᠤ ᠠᠴᠠ ᠨᠠᠰᠢ ᠴᠢᠯᠠᠭᠤ ᠤᠨᠠᠯ᠎ᠠ ᠬᠡᠵᠤ ᠬᠡᠯᠡᠬᠦ ᠦᠬᠡᠢ ᠬᠡᠵᠤ ᠪᠠᠶᠢᠪᠠ᠃ ᠬᠠᠷᠢᠨ | ᠵᠠᠷᠢᠮ ᠨᠢ ᠦᠪᠡᠷ ᠤᠨ ᠬᠢᠨᠢ ᠲᠤᠯᠤᠭᠠᠢ ᠲᠡᠬᠡᠷ᠎ᠡ ᠴᠢᠯᠠᠭᠤ ᠤᠨᠠᠭᠰᠠᠨ ᠪᠤᠯᠪᠠᠴᠤ ᠯᠠᠪ ᠦᠬᠡᠷ᠎ᠡ ᠬᠦᠮᠤᠨ ᠤ ᠲᠤᠯᠤᠭᠠᠢ | ᠲᠡᠬᠡᠷ᠎ᠡ ᠪᠠᠰᠠ ᠠᠳᠠᠯᠢᠬᠠᠨ ᠤᠨᠠᠭᠠᠬᠤ ᠬᠡᠮᠡᠵᠤ ᠬᠡᠯᠡᠬᠦ ᠦᠬᠡᠢ ᠪᠠᠶᠢᠬ᠎ᠠ᠃ ᠦᠨᠡᠨᠳᠡᠬᠡᠨ ᠬᠦᠮᠤᠨ ᠤ ᠶᠢᠷᠳᠢᠨᠴᠤ | ᠪᠠᠶᠢᠳᠤᠭᠠᠢ ᠪᠦᠬᠦᠶᠢᠯᠡ ᠪᠠᠶᠢᠭᠠᠯᠢ ᠶᠢᠷᠳᠢᠨᠴᠤ ᠪᠦᠷ ᠬᠠᠷᠢᠯᠴᠠᠨ ᠲᠦᠰᠢᠯᠴᠡᠨ ᠤᠷᠤᠰᠢᠵᠤ ᠪᠠᠶᠢᠳᠠᠭ᠃ ᠪᠠᠶᠢᠭᠠᠯᠢ ᠳᠤ | ᠤᠷᠤᠰᠢᠬᠤ ᠠᠮᠢᠳᠠᠨ ᠪᠤᠳᠠᠰ ᠬᠦᠷᠳᠡᠯ᠎ᠡ ᠬᠠᠷᠢᠯᠴᠠᠨ ᠲᠦᠰᠢᠯᠴᠡᠵᠤ ᠪᠠᠶᠢᠳᠠᠯ᠎ᠠ ᠪᠠᠶᠢᠭᠠᠯᠢ ᠶᠢᠷᠳᠢᠨᠴᠤ ᠶᠢᠨ ᠤᠬᠢ | ᠪᠤᠯᠤᠭᠰᠠᠨ ᠬᠦᠮᠤᠨ ᠲᠦᠷᠤᠯᠬᠢᠳᠠᠨ ᠬᠠᠷᠢᠨ ︽ᠡᠰᠡ ᠮᠡᠳᠡᠭᠴᠢᠨ︾ ᠴᠢᠷᠠᠶᠢᠯᠠᠬᠤ ᠬᠡᠭᠴᠢ ᠬᠠᠴᠢᠨ ᠬᠡᠷᠡᠭ | ᠪᠤᠯᠴᠢᠬᠠᠪᠠ᠃ ᠪᠤᠯᠬᠤ ᠪᠤᠯᠬᠤ ᠶᠢᠨ ᠲᠤᠳᠤᠷ᠎ᠠ ᠵᠠᠭᠤᠨ ᠢ ᠡᠵᠡᠯᠡᠵᠤ ᠶᠠᠪᠤᠭᠰᠠᠨ ᠮᠤᠩᠭᠤᠯᠴᠤᠳ ᠨᠡᠩ ᠡᠶᠢᠮᠤ | ᠪᠤᠯᠴᠢᠬᠠᠬᠤ ᠬᠡᠭᠴᠢ ᠶᠢ ᠦᠬᠦᠯᠡᠬᠦᠶᠡ ᠪᠡᠷᠬᠡ ᠠᠵᠠᠢ᠃ ᠮᠤᠩᠭᠤᠯᠴᠤᠳ ᠮᠠᠨᠢ ᠠᠶᠢᠮᠠᠭ ᠪᠦᠯᠦᠭ ᠬᠡᠮᠡᠨ | ᠦᠷᠢᠰᠤᠯᠳᠤᠵᠤ ᠦᠰᠢᠯᠳᠤᠵᠤ ᠪᠠᠶᠢᠭᠰᠠᠨ ᠪᠤᠯ ᠤᠳᠤ ᠬᠠᠷᠢᠨ ᠠᠶᠢᠯ ᠠᠶᠢᠯ ᠢᠶᠠᠷ ᠢᠶᠠᠨ ᠬᠤᠪᠢᠴᠢᠯᠠᠵᠤ ᠠᠮᠢᠳᠤᠷᠠᠬᠤ | ᠪᠤᠯᠤᠭᠰᠠᠨ ᠪᠤᠶᠤ⁈ ᠬᠡᠷᠪᠡ ᠠᠶᠢᠯ ᠨᠢ ᠵᠠᠳᠠᠷᠠᠭᠠᠳ ᠠᠮᠢ ᠠᠮᠢ ᠪᠠᠨ ᠬᠦᠬᠡᠬᠡᠬᠦ ᠪᠤᠯᠬᠤ ᠦᠶᠡᠰ ᠮᠠᠨᠠᠶᠢᠬᠡᠨ ᠤ | ᠤᠷᠴᠢᠨ ᠴᠤᠬᠤᠮ ᠶᠠᠭᠤ ᠪᠤᠯᠬᠤ ᠶᠢ ᠲᠦᠰᠤᠪᠯᠡᠬᠦᠶᠡ ᠦᠨᠡᠬᠡᠷ ᠪᠡᠷᠬᠡ᠃ ᠲᠡᠬᠡᠬᠦᠯᠡᠷ ᠪᠢᠳᠠ ᠬᠠᠮᠳᠤᠷᠠᠯᠴᠠᠶᠠ᠂ | ᠬᠠᠪᠰᠤᠷᠤᠯᠴᠠᠶ᠎ᠠ᠃ ᠲᠡᠷᠡᠬᠦ ︽ᠡᠰᠡ ᠮᠡᠳᠡᠭᠴᠢᠨ ᠴᠢᠷᠠᠢ︾ ᠪᠠᠨ ᠤᠷᠬᠢᠵᠤ ᠨᠢᠬᠡ ᠨᠢᠬᠡ ᠶᠢ ᠪᠠᠨ ᠮᠡᠳᠡᠵᠤ | ᠶᠠᠪᠤᠴᠠᠭᠠᠶᠠ︕ | |