﹇ᠤᠷᠠᠨ ᠵᠣᠬᠢᠶᠠᠯ﹈ ᠴᠡᠴᠡᠭ ᠰᠤᠨᠢᠶᠠᠬᠤᠢ ᠲᠠᠭᠤᠨ ᠢᠶᠠᠷ
ᠨᠡᠶᠢᠲᠡᠯᠡᠭᠰᠡᠨ ᠴᠠᠭ᠄
2024/7/10
                       ᠵᠠᠩᠭᠠᠨᠤᠷᠪᠤ       ᠴᠡᠴᠡᠭ ᠰᠤᠨᠢᠶᠠᠬᠤᠢ ᠲᠠᠭᠤᠨ ᠢᠶᠠᠷ      ᠴᠢᠪᠡᠷᠬᠡᠨ ᠰᠤᠯᠤᠩᠭ᠎ᠠ ᠦᠩᠬᠡ ᠬᠠᠤᠶᠢᠷᠠᠨ᠎ᠠ      ᠴᠡᠬᠡᠯᠬᠡᠨ ᠤᠰᠤᠨ ᠲᠤᠯᠬᠢᠶ᠎ᠠ ᠵᠠᠮᠬᠠᠷᠠᠨ᠎ᠠ      ᠴᠢᠮᠡᠬᠡᠬᠦᠶᠢᠬᠡᠨ ᠨᠠᠷᠠᠨ ᠦᠷᠬᠦᠯᠡᠨ᠎ᠡ᠃      ᠴᠡᠴᠡᠭ ᠰᠤᠨᠢᠶᠠᠬᠤᠢ ᠲᠠᠭᠤᠨ ᠢᠶᠠᠷ      ᠴᠢᠭᠡᠭ ᠤᠨ ᠲᠤᠰᠤᠯ ᠦᠨᠤᠴᠢᠷᠠᠨ᠎ᠠ      ᠴᠢᠪᠬᠦ ᠶᠢᠨ ᠵᠡᠬᠦᠳᠤᠨ ᠦᠷᠬᠦᠨ᠎ᠡ      ᠴᠡᠬᠡᠵᠢᠨ ᠳᠠᠬᠢ ᠪᠠᠭᠳᠡᠷᠡᠯ ᠲᠡᠯᠪᠡᠷᠡᠨ᠎ᠡ᠃      ᠴᠡᠴᠡᠭ ᠰᠤᠨᠢᠶᠠᠬᠤᠢ ᠲᠠᠭᠤᠨ ᠢᠶᠠᠷ      ᠤᠭᠳᠠᠷᠭᠤᠢ ᠬᠦᠨᠵᠡᠯᠡ ᠪᠠᠨ ᠲᠠᠳᠠᠨ᠎ᠠ      ᠤᠳᠤᠳ ᠲᠤᠯᠤᠭᠠᠢ ᠪᠠᠨ ᠴᠤᠬᠤᠶᠢᠯᠭᠠᠨ᠎ᠠ      ᠤᠶᠠᠬᠠᠨ ᠲᠠᠭᠤᠨ ᠬᠦᠮᠤᠨ ᠲᠠᠨ ᠢ ᠬᠠᠶᠢᠯᠠᠨ᠎ᠠ᠃      ᠴᠡᠴᠡᠭ ᠰᠤᠨᠢᠶᠠᠬᠤᠢ ᠲᠠᠭᠤᠨ ᠢᠶᠠᠷ      ᠴᠡᠩᠬᠡᠯ ᠤᠨ ᠭᠠᠵᠠᠷ ᠤᠰᠤᠨ ᠪᠠᠶᠠᠰᠤᠨ᠎ᠠ      ᠴᠢᠩᠬᠢᠰ ᠤᠨ ᠠᠳᠤᠭᠤᠳ ᠢᠨᠴᠠᠭᠠᠯᠳᠤᠨ᠎ᠠ      ᠴᠢᠩ ᠬᠠᠶᠢᠷ᠎ᠠ ᠶᠢᠨ ᠲᠤᠤᠯᠢ ᠤᠷᠤᠰᠤᠨ᠎ᠠ᠃                  
 
ᠢᠷᠡᠯᠲᠡ᠄ ᠠᠯᠠᠱᠠ ᠵᠡᠭᠦᠨ ᠬᠤᠰᠢᠭᠤᠨ ᠤ ᠵᠠᠰᠠᠭ ᠤᠨ ᠣᠷᠳᠣᠨ ᠤ ᠮᠣᠩᠭᠤᠯ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号