ᠵᠠᠩᠭᠠᠨᠤᠷᠪᠤ | | | ᠲᠤᠯᠤᠭ᠎ᠠ | ᠰᠤᠷᠤᠭᠴᠢ᠄ ᠪᠠᠭᠰᠢ ᠡ᠂ ᠲᠠ ᠶᠠᠭᠠᠬᠢᠭᠠᠳ ᠨᠠᠳᠠ ᠵᠢᠷᠤᠬᠡ ᠪᠠᠨ ᠦᠭᠴᠢᠬᠡᠪᠡ︖ | ᠪᠠᠭᠰᠢ᠄ ᠵᠢᠷᠤᠬᠡ ᠴᠢᠮ᠎ᠠ ᠳᠤ ᠡᠷᠳᠡᠮ ᠠᠴᠠ ᠢᠯᠡᠬᠦᠤ ᠬᠡᠷᠡᠭᠴᠡᠭᠡ ᠲᠠᠢ ᠪᠠᠶᠢᠨ᠎ᠠ ᠰᠢᠤ︕ | ᠨᠠᠢᠮᠠ | ᠦᠬᠢᠨ᠄ ᠬᠠᠯᠠᠭᠤᠨ ᠭᠠᠷ ᠢᠶᠠᠨ ᠦᠭᠬᠦ ᠠᠴᠠ ᠪᠢᠰᠢ ᠬᠠᠶᠢᠷ᠎ᠠ ᠶᠢᠨ ᠠᠯᠳᠠᠨ ᠪᠦᠬᠡᠵᠢ ᠪᠠᠨ ᠶᠠᠭᠠᠬᠢᠭᠠᠳ | ᠦᠭᠬᠦ ᠦᠬᠡᠢ ᠪᠠᠶᠢᠨ᠎ᠠ︖ | ᠬᠦᠤ᠄ ᠬᠠᠶᠢᠷ᠎ᠠ ᠲᠤᠷᠠᠯᠠᠯ ᠲᠡᠬᠡᠷ᠎ᠡ ᠬᠠᠷ᠎ᠠ ᠠᠯᠳᠠ ᠶᠢ ᠪᠦᠳᠤᠬᠡᠵᠤ ᠴᠢᠳᠠᠬᠤ ᠬᠠᠯᠠᠭᠤᠨ ᠭᠠᠷ ᠢᠶᠠᠨ ᠦᠭᠴᠤ | ᠪᠠᠶᠢᠨ᠎ᠠ ᠰᠢᠤ ᠁ | ᠶᠢᠰᠤ | ᠦᠬᠢᠨ᠄ ᠮᠠᠨ ᠤ ᠬᠠᠳᠠᠮ ᠠᠪᠤ ᠰᠦᠷ ᠵᠤᠭᠤᠰ ᠲᠠᠢ ᠰᠢᠤ︕ | ᠡᠵᠢ᠄ ᠬᠠᠳᠠᠮ ᠠᠪᠤ ᠴᠢᠨᠢ ᠬᠡᠷᠪᠡ ᠦᠩᠬᠡᠨ ᠳᠤ ᠲᠤᠷᠠᠲᠠᠢ ᠪᠤᠯ ᠨᠠᠮ᠎ᠠ ᠶᠢ ᠪᠤᠳᠤᠯᠬᠢᠯᠡᠵᠤ ᠪᠠᠶᠢᠭᠠᠷᠠᠢ ᠬᠡᠵᠤ | ᠬᠡᠯᠡᠬᠡᠷᠡᠢ︕ | ᠠᠷᠪᠠ | ᠬᠦᠮᠤᠨ᠄ ᠡᠳ᠋ ᠮᠦᠩᠬᠦ ᠪᠠᠨ ᠦᠭᠬᠦᠬᠡᠴᠢ︕ | ᠬᠤᠷᠮᠤᠰᠳᠠ᠄ ᠪᠤᠯᠤᠨ᠎ᠠ᠃ ᠠᠮᠢ ᠨᠠᠰᠤᠨ ᠤ ᠪᠠᠨ ᠠᠷᠪᠠᠨ ᠵᠢᠯ ᠢ ᠦᠭᠬᠦᠪᠡᠯ ᠠᠮᠢᠳᠤᠷᠠᠭᠠᠳ ᠬᠦᠷᠬᠦ ᠡᠳ᠋ | ᠮᠦᠩᠬᠦ ᠦᠭᠬᠦᠶ᠎ᠡ᠃ ᠬᠤᠷᠢᠨ ᠵᠢᠯ ᠢ ᠦᠭᠬᠦᠪᠡᠯ ᠵᠠᠷᠤᠭᠠᠳ ᠬᠦᠷᠬᠦ ᠡᠳ᠋ ᠮᠦᠩᠬᠦ ᠦᠭᠬᠦᠶ᠎ᠡ᠃ ᠭᠤᠴᠢᠨ ᠵᠢᠯ ᠢ | ᠦᠭᠬᠦᠪᠠᠯ ᠬᠡᠷᠡᠭᠯᠡᠬᠡᠳ ᠪᠠᠷᠠᠬᠤ ᠦᠬᠡᠢ ᠡᠳ᠋ ᠮᠦᠩᠬᠦ ᠦᠭᠬᠦᠶ᠎ᠡ᠃ ᠲᠦᠴᠢᠨ ᠵᠢᠯ ᠢ ᠦᠭᠬᠦᠪᠡᠯ ᠲᠤᠭᠠᠯᠠᠭᠠᠳ | ᠪᠠᠷᠠᠬᠤ ᠦᠬᠡᠢ ᠡᠳ᠋ ᠮᠦᠩᠬᠦ ᠦᠭᠬᠦᠶ᠎ᠡ᠃ | ᠬᠦᠮᠤᠨ᠄ ᠡᠳ᠋ ᠮᠦᠩᠬᠦ ᠶᠢ ᠴᠢᠨᠢ ᠪᠤᠴᠠᠭᠠᠵᠤ ᠦᠭᠬᠦᠶ᠎ᠡ᠂ ᠠᠮᠢ ᠨᠠᠰᠤ ᠪᠠᠨ ᠠᠪᠤᠶ᠎ᠠ︕ | ᠬᠤᠷᠮᠤᠰᠳᠠ᠄ ᠲᠤᠭᠠᠯᠠᠭᠠᠳ ᠪᠠᠷᠠᠰᠢ ᠦᠬᠡᠢ ᠡᠳ᠋ ᠮᠦᠩᠬᠦ ᠪᠠᠨ ᠦᠭᠬᠦᠪᠡᠯ ᠠᠷᠪᠠᠨ ᠵᠢᠯ ᠤᠨ ᠠᠮᠢ ᠨᠠᠰᠤ | ᠦᠭᠬᠦᠶ᠎ᠡ︕ | ᠬᠦᠮᠤᠨ᠄ ᠪᠤᠰᠤᠳ ᠨᠢ ᠶᠠᠭᠠᠬᠢᠴᠢᠬᠠᠭᠰᠠᠨ ᠪᠤᠢ︖ | ᠬᠤᠷᠮᠤᠰᠳᠠ᠄ ᠪᠤᠰᠤᠳ ᠢ ᠨᠢ ᠬᠦᠤ ᠮᠦᠩᠬᠦᠨ ᠳᠤ ᠪᠤᠳᠤᠴᠢᠬᠠᠭᠰᠠᠨ ᠰᠢᠤ︕ | ᠠᠷᠪᠠ ᠨᠢᠬᠡ | ᠡᠪᠤᠬᠡᠨ᠄ ᠦᠬᠦᠯ ᠡ᠂ ᠴᠢ ᠨᠠᠮ᠎ᠠ ᠶᠢ ᠮᠠᠷᠳᠠᠴᠢᠬᠠᠭᠰᠠᠨ ᠪᠠᠶᠢᠨ᠎ᠠ ᠰᠢᠤ︕ | ᠦᠬᠦᠯ᠄ ᠡᠪᠤᠬᠡᠨ ᠡ᠂ ᠴᠢ ᠦᠬᠦᠯ ᠢ ᠮᠠᠷᠳᠠᠭᠠᠳ ᠤᠯᠠᠨ ᠵᠢᠯ ᠪᠤᠯᠤᠭᠰᠠᠨ ᠪᠠᠶᠢᠨ᠎ᠠ ᠰᠢᠤ︕ | ᠵᠠᠮ ᠤᠨ ᠵᠠᠳᠠᠭᠠᠢ | ᠠᠷᠪᠠᠨ ᠬᠤᠶᠠᠷ | — ᠴᠢᠳᠬᠦᠷ ᠬᠠᠮᠢᠭ᠎ᠠ ᠠᠴᠠ ᠢᠷᠡᠭᠰᠡᠨ ᠪᠤᠢ︖ | — ᠬᠦᠮᠤᠨ ᠠᠴᠠ ᠯᠠ ᠢᠷᠡᠵᠠᠢ᠃ | — ᠪᠤᠷᠬᠠᠨ ᠬᠠᠮᠢᠭ᠎ᠠ ᠠᠴᠠ ᠢᠷᠡᠭᠰᠡᠨ ᠪᠤᠢ︖ | — ᠴᠢᠳᠬᠦᠷ ᠠᠴᠠ ᠢᠷᠡᠵᠠᠢ᠃ |