﹇ᠤᠷᠠᠨ ᠵᠣᠬᠢᠶᠠᠯ﹈ ᠪᠢ ᠪᠤᠯ ᠴᠢᠨᠤ ᠦᠢᠳᠬᠠᠷᠯᠠᠬᠤᠢ ᠶᠢᠨ ᠰᠦᠨᠢ
ᠨᠡᠶᠢᠲᠡᠯᠡᠭᠰᠡᠨ ᠴᠠᠭ᠄
2024/7/10
  ᠵᠠᠩᠭᠠᠨᠤᠷᠪᠤ            ᠤᠳᠤᠨ ᠲᠦᠬᠡᠬᠡᠭᠰᠡᠨ ᠰᠦᠨᠢ ᠶᠢᠨ ᠬᠦᠨ ᠳᠤ      ᠤᠨᠳᠠᠬᠤ ᠨᠦᠢᠷ ᠦᠬᠡᠢ ᠤᠷᠪᠠᠨ ᠬᠦᠷᠪᠡᠵᠤ      ᠤᠶᠠᠷᠠᠮᠠᠷ ᠰᠢᠯᠦᠭ ᠭᠠᠭᠴᠠᠬᠠᠨ ᠡᠷᠢᠶᠡᠴᠡᠭᠰᠡᠨ      ᠪᠢ ᠪᠤᠯ ᠴᠢᠨᠤ ᠦᠢᠳᠬᠠᠷᠯᠠᠬᠤᠢ ᠶᠢᠨ ᠰᠦᠨᠢ      ᠦᠴᠤᠬᠡᠨ ᠬᠦᠨᠵᠢᠯᠡ ᠪᠠᠭᠠᠳᠤᠨ ᠲᠡᠪᠬᠡᠷᠴᠤ      ᠦᠷᠤᠬᠡᠰᠤᠨ ᠭᠠᠷ ᠢᠯᠡᠬᠦᠳᠡᠨ ᠲᠡᠨᠤᠵᠤ      ᠦᠷᠤᠴᠡ ᠵᠢᠷᠤᠬᠡ ᠲᠠᠳᠠᠯᠳᠤᠨ ᠤᠴᠠᠭᠠᠷᠯᠠᠵᠤ      ᠪᠢ ᠪᠤᠯ ᠴᠢᠨᠤ ᠰᠠᠷᠠ ᠦᠬᠡᠢ ᠰᠦᠨᠢ      ᠠᠰᠢᠳᠠ ᠶᠢᠨ ᠮᠦᠷᠤᠬᠡᠳᠤᠬᠦᠢ ᠨᠢᠬᠡᠨ ᠰᠤᠯᠢᠷ      ᠠᠭᠠᠷ ᠵᠦᠰᠤᠨ ᠬᠢᠯᠠᠰᠴᠤ ᠤᠤᠬᠤᠢ ᠳᠤ      ᠠᠮᠠᠷᠠᠭ ᠤᠨ ᠰᠢᠪᠡᠨᠡᠭᠡ ᠨᠡᠬᠡᠨ ᠴᠢᠮᠬᠢᠭᠰᠡᠨ      ᠪᠢ ᠪᠤᠯ ᠴᠢᠨᠤ ᠵᠡᠬᠦᠳᠤ ᠦᠬᠡᠢ ᠰᠦᠨᠢ      ᠡᠪᠡᠰᠤᠨ ᠲᠤᠯᠤᠭᠠᠢ ᠵᠦᠬᠡᠯᠡᠬᠡᠨ ᠠᠯᠠᠭᠠᠳᠠᠵᠤ      ᠦᠷᠯᠤᠬᠡ ᠳᠤ ᠬᠦᠰᠡᠨ ᠰᠠᠮᠠᠷᠬᠡᠬᠡᠨ ᠶᠠᠪᠤᠭᠰᠠᠨ      ᠦᠷᠤᠬᠡᠯᠳᠤ ᠮᠤᠷᠢᠨ ᠤ ᠲᠡᠮᠡᠤᠯᠡᠬᠦ ᠭᠠᠵᠠᠷ      ᠪᠢ ᠪᠤᠯ ᠴᠢᠨᠤ ᠡᠩᠰᠠᠯᠬᠦᠢ ᠰᠦᠨᠢ      ᠴᠢᠬᠢᠭᠳᠦ ᠰᠠᠯᠬᠢ ᠢᠯᠪᠡᠨ ᠰᠦᠷᠴᠤ      ᠴᠡᠩᠬᠡᠯ ᠤᠨ ᠲᠠᠭᠤᠨ ᠵᠤᠯᠪᠢᠨ ᠲᠤᠳᠠᠭᠠᠭᠰᠠᠨ      ᠴᠡᠷᠢᠭ ᠤᠨ ᠬᠠᠶᠢᠰᠠᠩ ᠢ ᠲᠠᠪᠠᠨ ᠨᠢᠰᠬᠦᠢ      ᠪᠢ ᠪᠤᠯ ᠴᠢᠨᠤ ᠲᠠᠩᠰᠡᠯᠬᠦᠢ ᠶᠢᠨ ᠰᠦᠨᠢ      ᠠᠬᠢᠨ ᠲᠠᠬᠢᠨ ᠭᠠᠳᠠᠨ᠎ᠠ ᠭᠠᠷᠴᠤ      ᠠᠶᠠᠷᠬᠠᠨ ᠰᠢᠩᠬᠡᠬᠦᠢ ᠬᠠᠷᠠᠩᠭᠤᠢ ᠲᠤᠭᠠᠯᠠᠨ      ᠠᠷᠤ ᠨᠤᠳᠤᠭ ᠢᠶᠠᠨ ᠲᠤᠷᠠᠰᠤᠨ ᠡᠮᠵᠢᠭᠯᠡᠭᠰᠠᠨ      ᠪᠢ ᠪᠤᠯ ᠴᠢᠨᠤ ᠵᠤᠪᠠᠭ᠋ᠤ ᠶᠢᠨ ᠰᠦᠨᠢ ᠡ︕
 
ᠢᠷᠡᠯᠲᠡ᠄ ᠲᠤᠰ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号