﹇ᠤᠷᠠᠨ ᠵᠣᠬᠢᠶᠠᠯ﹈ ᠴᠢᠮ᠎ᠠ ᠶᠢ ᠬᠠᠷᠠᠬᠤ ᠳᠤ
ᠨᠡᠶᠢᠲᠡᠯᠡᠭᠰᠡᠨ ᠴᠠᠭ᠄
2024/7/10
 ᠵᠠᠩᠭᠠᠨᠤᠷᠪᠤ      ᠴᠢᠮ᠎ᠠ ᠶᠢ ᠬᠠᠷᠠᠬᠤ ᠳᠤ      ᠰᠢᠯᠤᠭ᠌ ᠪᠤᠳᠤᠭᠳᠠᠨ᠎ᠠ᠂      ᠴᠠᠭᠠᠨ᠎ᠠ ᠪᠠᠨ ᠬᠦᠮᠤᠨ ᠲᠠᠢ      ᠵᠢᠷᠭᠠᠯ ᠪᠤᠳᠤᠭᠳᠠᠨ᠎ᠠ᠂      ᠴᠠᠭᠠᠨ ᠡᠬᠦᠯᠡ ᠰᠢᠭ ᠬᠦᠪᠪᠤᠯᠵᠡᠬᠦᠷ      ᠲᠤᠷᠠᠯᠠᠯ ᠪᠤᠳᠤᠭᠳᠠᠨ᠎ᠠ᠃      ᠴᠢᠮ᠎ᠠ ᠶᠢ ᠬᠠᠷᠠᠬᠤ ᠳᠤ      ᠬᠦᠵᠡᠯᠵᠡᠬᠡᠨ᠎ᠡ ᠪᠤᠳᠤᠭᠳᠠᠨ᠎ᠠ᠂      ᠴᠠᠷᠰᠤᠨ ᠲᠤᠯᠬᠢᠶ᠎ᠠ ᠲᠠᠢ      ᠬᠦᠨᠲᠠᠢ ᠪᠤᠳᠤᠭᠳᠠᠨ᠎ᠠ᠂      ᠴᠢᠩᠨᠡᠵᠤ ᠬᠦᠯᠢᠶᠡᠭᠰᠠᠨ      ᠪᠤᠯᠵᠤᠭ᠎ᠠ ᠪᠤᠳᠤᠭᠳᠠᠨ᠎ᠠ᠃      ᠴᠢᠮ᠎ᠠ ᠶᠢ ᠬᠠᠷᠠᠬᠤ ᠳᠤ ᠤᠨᠠᠭᠰᠠᠨ      ᠨᠠᠷᠠ ᠮᠢᠨᠢ ᠪᠤᠳᠤᠭᠳᠠᠨ᠎ᠠ᠂      ᠴᠠᠭᠠᠨ ᠴᠠᠮᠴᠠ ᠤᠯᠠᠭᠠᠨ ᠠᠯᠴᠢᠭᠤᠷ ᠲᠠᠢ      ᠲᠠᠯ᠎ᠠ ᠪᠤᠳᠤᠭᠳᠠᠨ᠎ᠠ᠂      ᠴᠢᠷᠠᠢ ᠲᠠᠭᠠᠵᠤ ᠪᠦᠮᠪᠤᠷᠢᠭ᠍ᠰᠡᠨ      ᠵᠠᠯᠠᠭᠤ ᠨᠠᠰᠤ ᠮᠢᠨᠢ ᠪᠤᠳᠤᠭᠳᠠᠨ᠎ᠠ᠃      ᠴᠢᠮ᠎ᠠ ᠶᠢ ᠬᠠᠷᠠᠬᠤ ᠳᠤ      ᠶᠠᠭᠤ ᠴᠤ ᠪᠤᠳᠤᠭᠳᠠᠨ᠎ᠠ      ᠴᠠᠭ ᠤᠨ ᠤᠷᠤᠰᠬᠠᠯ ᠳᠤ ᠨᠤᠬᠤᠯᠠᠭᠳᠠᠭᠰᠠᠨ      ᠪᠦᠴᠡ ᠮᠢᠨᠢ ᠪᠤᠳᠤᠭᠳᠠᠨ᠎ᠠ᠂      ᠴᠠᠭ᠎ᠠ ᠡᠪᠡᠰᠤᠨ ᠳᠤ ᠤᠨᠤᠭᠳᠠᠭᠰᠠᠨ      ᠴᠠᠮᠪᠠ ᠮᠢᠨᠢ ᠪᠤᠳᠤᠭᠳᠠᠨ᠎ᠠ᠃      ᠴᠢᠮ᠎ᠠ ᠶᠢ ᠬᠠᠷᠠᠬᠤ ᠳᠤ      ᠶᠠᠭᠤ ᠴᠤ ᠪᠤᠳᠤᠭᠳᠠᠬᠤ ᠦᠬᠡᠢ      ᠴᠠᠭ ᠤᠨ ᠵᠠᠢ ᠠᠴᠠ ᠴᠢᠨᠢ      ᠬᠤᠪᠢᠳᠠᠵᠤ ᠠᠪᠬᠤ      ᠴᠢᠮ᠎ᠠ ᠳᠤ ᠬᠠᠶᠢᠷᠠᠲᠠᠢ      ᠦᠬᠡ ᠪᠤᠳᠤᠭᠳᠠᠨ᠎ᠠ᠃            
 
ᠢᠷᠡᠯᠲᠡ᠄ ᠲᠤᠰ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号