﹇ᠤᠷᠠᠨ ᠵᠣᠬᠢᠶᠠᠯ﹈ ᠮᠤᠤᠷ ᠡᠷᠢᠭᠡ ᠵᠠᠬᠦᠵᠤ ᠮᠢᠬᠠᠨ  ᠠᠴᠠ ᠭᠠᠷᠤᠭᠰᠠᠨ ᠨᠢ
ᠨᠡᠶᠢᠲᠡᠯᠡᠭᠰᠡᠨ ᠴᠠᠭ᠄
2024/7/10
      ᠡᠷᠳᠠ ᠤᠷᠢᠳᠤ ᠶᠢᠨ ᠴᠠᠭ ᠲᠤ ᠨᠢᠭᠡᠨ ᠪᠥᠳᠥᠯ ᠥᠭᠡᠢ ᠮᠤᠤᠷ ᠪᠠᠶᠢᠵᠤ ᠭᠡᠨ᠎ᠠ᠃ ᠠᠶᠢᠯ ᠤᠨ ᠬᠥᠮᠥᠷᠭᠡ ᠠᠴᠠ ᠮᠢᠬ᠎ᠠ ᠬᠤᠯᠠᠭᠠᠶᠢᠯᠠᠵᠤ ᠪᠠᠶᠢᠭᠠᠳ ᠰᠠᠬᠦᠯ ᠢᠶᠠᠨ ᠳᠠᠰᠤᠯᠤᠭᠤᠯᠴᠢᠬᠠᠵᠠᠢ᠃ ᠴᠢᠩᠬᠢᠭᠰᠡᠨ ᠴᠢᠨᠢ ᠪᠠᠶᠠᠨ  ᠳᠤ ᠨᠢ ᠬᠤᠤᠷ ᠰᠠᠭᠤᠭᠠᠳ᠂ ᠬᠤᠯᠤᠭᠠᠨ᠎ᠠ ᠪᠠᠷᠢᠵᠤ ᠳᠠᠶᠢᠯᠬᠦ ᠪᠠᠨ ᠪᠤᠯᠢᠨ᠂ ᠥᠯᠤᠰᠴᠤ ᠥᠯᠪᠠᠷᠤᠭᠡᠳ ᠳᠤᠶᠢᠯ ᠢᠶᠠᠷ ᠡᠴᠡᠵᠤ ᠳᠤᠷᠠᠭᠰᠠᠨ ᠭᠡᠨ᠎ᠠ᠃      ᠭᠡᠨᠠᠳᠳᠠ ᠨᠢᠭᠡ ᠡᠳᠥᠷ ᠳᠠᠷᠠ ᠭᠡᠰᠥᠵᠤ ᠪᠠᠶᠢᠭᠠᠳ᠂ ᠠᠶᠢᠯ ᠤᠨ ᠬᠠᠭᠤᠴᠢᠨ ᠪᠠᠭᠤᠷᠢ ᠳᠠᠭᠡᠷ᠎ᠠ ᠠᠴᠠ ᠡᠷᠢᠭᠡ ᠤᠯᠵᠤ ᠠᠪᠤᠭᠰᠠᠨ ᠢᠶᠠᠨ ᠠᠷᠭ᠎ᠠ ᠤᠯᠵᠤ ᠬᠤᠯᠤᠭᠠᠨ᠎ᠠ ᠶᠢᠨ ᠨᠥᠭᠡᠨ ᠤ ᠠᠮᠠᠰᠠᠷ ᠳᠠᠭᠡᠷ᠎ᠠ ᠤᠴᠢᠭᠠᠳ᠄      — ᠵᠠ᠂ ᠬᠤᠯᠤᠭᠠᠨ᠎ᠠ ᠨᠤᠭᠤᠳ ᠮᠢᠨᠢ ᠭᠠᠷᠴᠤ ᠢᠷᠠᠭᠡᠷᠠᠢ᠃ ᠪᠢ ᠥᠩᠭᠡᠷᠡᠭᠰᠡᠨ ᠳᠤ ᠳᠠᠨᠤᠰ ᠢ ᠪᠠᠷᠢᠵᠤ ᠢᠳᠠᠨ᠂ ᠳᠤᠩ ᠶᠡᠭᠡ ᠨᠢᠬᠦᠯ ᠬᠢᠭᠰᠡᠨ ᠪᠤᠯᠬᠤᠷ ᠨᠤᠮ ᠤᠩᠰᠢᠵᠤ ᠥᠭᠬᠦᠶ᠎ᠠ ᠳ᠋ᠠ᠃ ᠪᠢ ᠤᠳᠤ ᠪᠤᠷᠬᠠᠨ ᠪᠠᠭᠰᠢ  ᠠᠴᠠ ᠰᠠᠬᠢᠯ ᠰᠠᠨᠸᠠᠷ ᠠᠪᠤᠭᠰᠠᠨ᠃ ᠳᠠᠬᠢᠵᠤ ᠮᠢᠬ᠎ᠠ ᠢᠳᠠᠬᠦ ᠥᠭᠡᠢ᠃ ᠠᠮᠢ ᠬᠤᠷᠤᠭᠠᠬᠤ ᠥᠭᠡᠢ᠃ ᠳᠠᠨᠤᠰ ᠨᠠᠮ᠎ᠠ  ᠶᠢ ᠥᠷᠥᠪᠳᠤᠵᠤ ᠨᠢᠬᠦᠯ ᠢᠶᠠᠨ ᠴᠠᠭᠠᠳᠬᠠᠬᠤ ᠵᠠᠪᠰᠢᠶᠠᠨ ᠬᠠᠶᠢᠷᠠᠯᠠᠨ᠎ᠠ ᠤᠤ︖ ᠭᠡᠵᠠᠢ᠃       ᠨᠢᠭᠡ ᠬᠤᠯᠤᠭᠠᠨ᠎ᠠ ᠨᠥᠭᠡᠨ ᠠᠴᠠ ᠪᠠᠨ ᠪᠤᠯᠳᠠᠶᠢᠵᠤ ᠬᠠᠷᠠᠪᠠᠯ᠂ ᠮᠤᠤᠷ ᠭᠤᠸᠠᠢ ᠥᠨᠠᠭᠡᠷᠠᠨ ᠰᠢᠷ᠎ᠠ ᠡᠷᠢᠭᠡ ᠵᠠᠬᠦᠴᠢᠭᠡᠭᠰᠡᠨ᠂ ᠨᠢᠳᠥ ᠪᠠᠨ ᠠᠨᠢᠭᠠᠳ᠂ ᠳᠠᠰᠤᠷᠠᠯ ᠥᠭᠡᠢ ᠮᠠᠨᠢ ᠳᠤᠭᠠᠯᠠᠨ ᠳᠥᠩᠬᠢᠨᠠᠬᠦᠯᠵᠤ ᠪᠠᠶᠢᠨ᠎ᠠ ᠭᠡᠨ᠎ᠠ᠃ ᠳᠠᠭᠡᠬᠦ ᠳᠤ ᠮᠤᠤᠷ ᠭᠤᠸᠠᠢ ᠨᠤᠮᠤᠬᠠᠨ ᠰᠢᠳᠤᠷᠭᠤ ᠪᠠᠷ ᠨᠤᠮ ᠤᠩᠰᠢᠵᠤ᠂ ᠬᠠᠶᠠ ᠬᠠᠶᠠ ᠬᠠ ᠪᠠᠷ ᠢᠶᠠᠨ ᠵᠥᠭᠡᠯᠠᠨ ᠠᠳᠢᠰ ᠳᠠᠯᠪᠢᠬᠤ  ᠠᠴᠠ ᠥᠭᠡᠷ᠎ᠠ ᠬᠥᠨᠤᠭᠡᠯ ᠲᠠᠢ ᠬᠥᠳᠠᠯᠭᠡᠭᠡᠨ ᠬᠢᠳᠡᠭ ᠥᠭᠡᠢ ᠪᠤᠯᠬᠤᠷ ᠨᠠᠩ ᠠᠷᠪᠢᠨ ᠬᠤᠯᠤᠭᠠᠨ᠎ᠠ ᠢᠷᠠᠵᠤ ᠨᠤᠮ ᠰᠤᠨᠤᠰᠳᠠᠭ ᠪᠤᠯᠪᠠ᠃ ᠭᠡᠳᠠᠯ᠎ᠠ ᠨᠤᠮ ᠰᠤᠨᠤᠰᠴᠤ ᠪᠠᠷᠠᠭᠠᠳ ᠳᠠᠷᠬᠠᠬᠤ ᠪᠥᠷᠢ ᠮᠤᠤᠷ ᠬᠠᠮᠤᠭ ᠠᠷᠤ  ᠳᠤ ᠨᠢ ᠶᠠᠪᠤᠵᠤ ᠪᠠᠶᠢᠭ᠎ᠠ ᠬᠤᠯᠤᠭᠠᠨ᠎ᠠ ᠶᠢ ᠬᠥᠴᠥ ᠭᠡᠷᠡᠭᠯᠡᠯ ᠥᠭᠡᠢ ᠪᠠᠷᠢᠵᠤ ᠢᠳᠡᠳᠡᠭ ᠪᠠᠶᠢᠯ᠎ᠠ᠃       ᠡᠳᠥᠷ ᠤᠳᠠᠭᠠᠳ ᠢᠷᠠᠬᠦ ᠳᠤ ᠬᠤᠯᠤᠭᠠᠨ᠎ᠠ ᠨᠤᠭᠤᠳ ᠥᠪᠠᠷ ᠤᠨ ᠬᠢᠨ ᠨᠥᠬᠦᠳ ᠴᠥᠭᠡᠷᠡᠭᠰᠡᠨ ᠢ ᠰᠠᠷᠠᠵᠤ ᠮᠠᠳᠠᠪᠠ᠃ ᠳᠠᠭᠡᠭᠡᠳ ᠮᠤᠤᠷ ᠢ ᠰᠠᠵᠢᠭ᠍ᠯᠡᠵᠤ᠂ ᠪᠤᠯᠠᠭᠰᠠᠨ ᠪᠠᠭᠠᠰᠤ ᠶᠢ ᠨᠢ ᠮᠠᠯᠳᠠᠵᠤ ᠭᠠᠷᠭᠠᠭᠠᠳ ᠥᠵᠠᠬᠦ ᠳᠤ ᠳᠤᠳᠤᠷ᠎ᠠ ᠨᠢ ᠳᠤᠳᠠᠭᠤ ᠰᠢᠩᠭᠡᠭᠰᠡᠨ ᠬᠤᠯᠤᠭᠠᠨ᠎ᠠ ᠶᠢᠨ ᠶᠠᠰᠤ ᠥᠰᠥ ᠬᠤᠯᠢᠯᠳᠤᠵᠤ ᠪᠠᠶᠢᠵᠠᠢ᠃ ᠡᠨᠠ ᠭᠡᠮ ᠢ ᠨᠢ ᠴᠤᠭᠤᠯᠬᠤ ᠶᠢᠨ ᠳᠥᠯᠥᠭᠡ᠂ ᠨᠢᠭᠡ ᠬᠤᠯᠤᠭᠠᠨ᠎ᠠ᠂ ᠮᠤᠤᠷ ᠤᠨ ᠰᠠᠬᠦᠯ ᠳᠤ ᠵᠢᠵᠢᠭ ᠬᠤᠩᠬᠤ ᠤᠶᠠᠵᠤ ᠳᠠᠯᠪᠢᠪᠠ᠃ ᠮᠤᠤᠷ᠂ ᠨᠤᠮᠯᠠᠵᠤ ᠨᠤᠮᠯᠠᠭᠠᠳ ᠬᠤᠯᠤᠭᠠᠨ᠎ᠠ ᠨᠤᠭᠤᠳ ᠳᠠᠷᠬᠠᠵᠤ ᠶᠠᠪᠤᠬᠤ ᠥᠶᠠᠰ᠂ ᠰᠤᠷᠤᠭᠰᠠᠨ ᠵᠠᠩ ᠢᠶᠠᠷ ᠢᠶᠠᠨ ᠬᠠᠮᠤᠭ ᠰᠠᠬᠦᠯ ᠤᠨ ᠬᠢᠨᠢ ᠶᠢ ᠪᠠᠷᠢᠬᠤ ᠪᠠᠷ ᠥᠰᠥᠷᠳᠠᠯ᠎ᠠ ᠬᠤᠩᠬᠤ ᠨᠢ ᠳᠤᠤᠭᠠᠷᠤᠭᠠᠳ ᠬᠤᠯᠵᠢᠨ ᠮᠡᠭᠡ ᠨᠢ ᠢᠯᠠᠴᠢᠯᠡᠭᠳᠡᠭᠰᠡᠨ ᠭᠡᠨ᠎ᠠ᠃
 
ᠢᠷᠡᠯᠲᠡ᠄ ᠠᠯᠠᠱᠠ ᠵᠡᠭᠦᠨ ᠬᠤᠰᠢᠭᠤᠨ ᠤ ᠵᠠᠰᠠᠭ ᠤᠨ ᠣᠷᠳᠣᠨ ᠤ ᠮᠣᠩᠭᠤᠯ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号