﹇ᠤᠷᠠᠨ ᠵᠣᠬᠢᠶᠠᠯ﹈ ᠪᠤᠬ᠎ᠠ ᠶᠢᠨ ᠦᠯᠢᠬᠡᠷ
ᠨᠡᠶᠢᠲᠡᠯᠡᠭᠰᠡᠨ ᠴᠠᠭ᠄
2024/7/10
      ᠵᠠᠩᠭᠠᠨᠤᠷᠪᠤ                 ᠨᠢᠬᠡ ᠶᠡᠭᠡ ᠪᠤᠬ᠎ᠠ ᠪᠠᠶᠢᠵᠠᠢ᠃ ᠲᠤᠯᠤᠭᠠᠢ ᠳᠤ ᠨᠢ ᠨᠢᠬᠡ ᠪᠠᠶᠠᠨ ᠰᠠᠭᠤᠵᠤ ᠨᠢᠷᠤᠭᠤᠨ ᠳᠤ ᠨᠢ ᠨᠢᠬᠡ ᠪᠠᠶᠠᠨ ᠰᠠᠭᠤᠵᠤ ᠪᠦᠭᠰᠡᠨ ᠳᠤ ᠨᠢ ᠪᠠᠰᠠ‌ᠨᠢᠬᠡ ᠪᠠᠶᠠᠨ ᠰᠠᠭᠤᠵᠤ ᠪᠠᠶᠢᠵᠠᠢ᠃ ᠲᠤᠯᠤᠭᠠᠢ ᠶᠢᠨ ᠪᠠᠶᠠᠨ ᠡᠪᠤᠯᠵᠶ᠎ᠡ ᠬᠠᠪᠤᠷᠵᠢᠶ᠎ᠠ ᠲᠠᠢ ᠶᠤᠮ ᠪᠠᠶᠢᠵᠠᠢ᠃ ᠨᠢᠷᠤᠭᠤᠨ ᠳᠤ ᠨᠢ ᠰᠠᠭᠤᠭᠰᠠᠨ ᠪᠠᠶᠠᠨ ᠮᠥᠨ ᠡᠪᠤᠯᠵᠢᠶ᠎ᠡ ᠵᠤᠰᠠᠯᠠᠩ ᠬᠠᠪᠤᠷᠵᠢᠶ᠎ᠠ ᠲᠠᠢ ᠶᠤᠮ ᠪᠠᠶᠢᠵᠠᠢ᠃ ᠲᠤᠯᠤᠭᠠᠢ ᠶᠢᠨ ᠪᠠᠶᠠᠨ ᠬᠦᠮᠤᠨ ᠬᠡᠯᠡᠵᠠᠢ᠄ ︽ᠦᠢᠷ᠎ᠠ ᠠᠴᠠ ᠪᠤᠬ᠎ᠠ ᠡᠪᠡᠰᠤ ᠢᠳᠡᠬᠦ ᠪᠠᠨ ᠪᠠᠶᠢᠴᠢᠬᠠᠯ᠎ᠠ︾ ᠬᠡᠵᠤ ᠨᠢᠷᠤᠭᠤᠨ ᠪᠠᠶᠠᠨ ᠳᠤ ᠬᠡᠯᠡᠵᠠᠢ᠃ ᠲᠤᠮᠳᠠᠬᠢ ᠪᠠᠶᠠᠨ ᠬᠡᠯᠡᠬᠦ ᠳᠤ ᠪᠠᠨ᠄ ︽ᠪᠤᠬ᠎ᠠ ᠶᠢᠨ ᠬᠡᠳᠡᠰᠤ ᠮᠥᠨ ᠬᠤᠩᠬᠤᠶᠢᠭᠰᠠᠨ ᠬᠡᠪ ᠢᠶᠠᠷ ᠪᠠᠶᠢᠨ᠎ᠠ︾ ᠬᠡᠵᠤ ᠰᠡᠬᠦᠯ ᠤᠨ ᠪᠠᠶᠠᠨ ᠳᠤ ᠬᠡᠯᠠᠵᠠᠢ᠃ ᠪᠦᠭᠰᠡ ᠶᠢᠨ ᠬᠦᠮᠤᠨ᠄ ︽ᠠ᠂ ᠪᠢ ᠠᠳᠡ ᠤᠯᠠᠨ ᠵᠢᠯ ᠪᠤᠯᠤᠭᠰᠠᠨ᠂ ᠡᠨᠡ ᠪᠤᠬ᠎ᠠ ᠶᠡᠷᠤ ᠪᠠᠭᠠᠭᠠᠭᠰᠠᠨ ᠦᠬᠡᠢ︾ ᠬᠡᠵᠠᠢ᠃ ᠲᠡᠷᠡ ᠬᠦᠮᠤᠨ ᠠᠷᠭᠠᠯ ᠢ ᠨᠢ ᠠᠪᠴᠤ ᠲᠦᠯᠡᠳᠡᠭ ᠪᠠᠶᠢᠵᠠᠢ᠃ ᠲᠡᠬᠡᠳᠡᠯ᠎ᠡ ᠲᠡᠷᠡ ᠪᠤᠬ᠎ᠠ ᠦᠬᠦᠵᠠᠢ᠃ ᠪᠤᠬ᠎ᠠ ᠦᠬᠦᠴᠢᠬᠦᠯᠡᠷ ᠨᠢᠬᠡ ᠦᠨᠡᠭᠡ ᠭᠤᠷᠪᠠᠨ ᠵᠢᠯ ᠢᠳᠡᠬᠡᠳ ᠪᠠᠷᠠᠵᠠᠢ᠃ ᠲᠡᠬᠦᠨ ᠢ ᠢᠳᠡᠬᠡᠳ ᠪᠠᠷᠠᠭᠰᠠᠨ ᠬᠤᠶᠢᠨ᠎ᠠ ᠪᠤᠬ᠎ᠠ ᠶᠢᠨ ᠲᠠᠯᠤ ᠶᠢᠨ ᠶᠠᠰᠤ ᠬᠡᠬᠡᠷ᠎ᠡ ᠬᠡᠪᠳᠡᠵᠤ ᠪᠠᠶᠢᠵᠠᠢ᠃ ᠲᠡᠷᠡ ᠶᠠᠰᠤᠨ ᠲᠡᠬᠡᠷ᠎ᠡ ᠲᠠᠯᠠᠨ ᠴᠡᠷᠢᠭ ᠪᠠᠭᠤᠵᠤ ᠲᠠᠯᠠᠨ ᠮᠠᠶᠢᠬᠠᠨ ᠰᠢᠭᠠᠵᠠᠢ᠃ ᠲᠡᠷᠡ ᠴᠡᠷᠢᠭ ᠤᠳ ᠢ ᠨᠡᠬᠦᠬᠡᠳ ᠶᠠᠪᠤᠴᠢᠬᠤᠯᠠᠷ ᠨᠢᠬᠡ ᠪᠦᠷᠬᠦᠳ ᠪᠠᠭᠤᠵᠤ ᠢᠷᠡᠬᠡᠳ ᠲᠡᠷᠡ ᠲᠠᠯᠤ ᠶᠢᠨ ᠶᠠᠰᠤ ᠶᠢ ᠵᠠᠭᠤᠭᠠᠳ ᠶᠠᠪᠤᠵᠠᠢ᠃ ᠲᠡᠷᠡ ᠪᠦᠷᠬᠦᠳ ᠨᠢᠬᠡ ᠤᠬᠤᠨ᠎ᠠ ᠶᠢᠨ ᠡᠪᠡᠷ ᠲᠡᠬᠡᠷ᠎ᠡ ᠤᠴᠢᠭᠠᠳ ᠰᠠᠭᠤᠵᠠᠢ᠃ ᠲᠡᠷᠡ ᠤᠬᠤᠨ᠎ᠠ ᠶᠢᠨ ᠰᠠᠬᠠᠯ ᠲᠤᠤᠷ᠎ᠠ ᠨᠢᠬᠡ ᠡᠮᠡᠬᠡᠨ ᠡᠪᠤᠬᠡᠨ ᠬᠤᠶᠠᠷ ᠪᠠᠶᠢᠵᠠᠢ᠃ ᠲᠡᠷᠡ ᠲᠠᠯᠤ ᠶᠢᠨ ᠶᠠᠰᠤ ᠶᠢ ᠵᠠᠭᠤᠭᠰᠠᠨ ᠪᠦᠷᠬᠦᠳ ᠠᠯᠳᠠᠴᠢᠬᠠᠬᠤᠯᠠᠷ ᠲᠠᠯᠤ  ᠶᠢᠨ ᠶᠠᠰᠤ ᠡᠪᠤᠬᠡᠨ ᠤ ᠨᠢᠳᠤᠨ ᠳᠤ ᠤᠷᠤᠴᠢᠵᠠᠢ᠃ ᠦᠢᠷ᠎ᠠ ᠬᠠᠪᠢ ᠶᠢᠨ ᠤᠯᠤᠰ ᠢ ᠴᠤᠭᠯᠠᠭᠤᠯᠤᠭᠠᠳ ᠬᠦᠷᠵᠠ ᠵᠡᠬᠡᠳᠤᠤ ᠪᠠᠷ ᠲᠠᠷᠠ ᠲᠠᠯᠤ ᠶᠢᠨ ᠶᠠᠰᠤ  ᠶᠢ ᠠᠪᠴᠤ ᠴᠢᠳᠠᠭᠰᠠᠨ ᠦᠬᠡᠢ ᠪᠠᠶᠢᠵᠠᠢ᠃ ᠲᠡᠬᠡᠬᠦᠯᠡᠷ ᠡᠮᠡᠬᠡᠨ ᠬᠡᠯᠡ ᠪᠠᠷ ᠢᠶᠠᠨ ᠲᠤᠯᠢᠶᠠᠭᠠᠳ ᠲᠠᠯᠤ ᠶᠢᠨ ᠶᠠᠰᠤ ᠶᠢ ᠠᠪᠤᠭᠠᠳ ᠬᠠᠶᠠᠴᠢᠵᠠᠢ᠃      
 
ᠢᠷᠡᠯᠲᠡ᠄ ᠠᠯᠠᠱᠠ ᠵᠡᠭᠦᠨ ᠬᠤᠰᠢᠭᠤᠨ ᠤ ᠵᠠᠰᠠᠭ ᠤᠨ ᠣᠷᠳᠣᠨ ᠤ ᠮᠣᠩᠭᠤᠯ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号