﹇ᠤᠷᠠᠨ ᠵᠣᠬᠢᠶᠠᠯ﹈ ᠰᠤᠬᠤᠷ ᠬᠦᠮᠤᠨ ᠬᠦᠬᠦᠷᠬᠡᠨ ᠠᠴᠠ ᠤᠨᠠᠭᠰᠠᠨ ᠨᠢ
ᠨᠡᠶᠢᠲᠡᠯᠡᠭᠰᠡᠨ ᠴᠠᠭ᠄
2024/7/10
        ᠨᠢᠬᠡᠨ ᠰᠤᠬᠤᠷ ᠬᠦᠮᠤᠨ ᠬᠠᠭᠤᠷᠠᠢ ᠭᠤᠤᠯ ᠤᠨ ᠬᠦᠬᠦᠷᠬᠡᠨ ᠲᠡᠬᠡᠬᠦᠷ ᠭᠠᠷᠴᠠᠢ᠃ ᠰᠠᠨᠠᠮᠰᠠᠷ ᠦᠬᠡᠢ ᠬᠦᠯ ᠠᠯᠳᠠᠵᠤ ᠬᠦᠬᠦᠷᠬᠡᠨ ᠠᠴᠠ ᠤᠨᠠᠬᠤ ᠳᠤ ᠪᠠᠨ ᠬᠦᠬᠦᠷᠬᠡᠨ ᠤ ᠬᠡᠷᠡᠭᠰᠡᠭᠡ ᠶᠢ ᠴᠢᠩᠭ᠎ᠠ ᠠᠳᠬᠤᠵᠤ ᠲᠡᠬᠦᠵᠢᠯᠡᠵᠠᠢ᠃ ᠲᠡᠷᠡ ᠪᠤᠳᠤᠬᠤ  ᠳᠤ ᠪᠠᠨ ᠤᠳᠤ ᠯᠠ ᠭᠠᠷ ᠲᠠᠯᠪᠢᠪᠠᠯ ᠭᠤᠤᠯ ᠳᠤ ᠤᠨᠠᠵᠤ ᠦᠬᠦᠨ᠎ᠡ ᠬᠡᠵᠤ ᠪᠤᠳᠤᠵᠠᠢ᠃ ᠲᠡᠬᠡᠬᠡᠳ ᠦᠨᠳᠤᠷ ᠲᠠᠭᠤᠨ ᠢᠶᠠᠷ ᠤᠬᠢᠯᠠᠨ ᠲᠠᠭᠤᠯᠠᠨ ᠠᠮᠢ ᠠᠪᠤᠷᠠᠬᠤ ᠶᠢ ᠬᠦᠰᠡᠵᠠᠢ᠃ ᠵᠠᠮ ᠢᠶᠠᠷ ᠭᠠᠷᠬᠤ ᠬᠦᠮᠤᠨ ᠡᠬᠦᠨ ᠢ ᠦᠵᠡᠬᠡᠳ ᠬᠠᠮᠢᠶ᠎ᠠ ᠦᠬᠡᠢ᠂ ᠭᠠᠷ ᠢᠶᠠᠨ ᠲᠠᠯᠪᠢᠪᠠᠯ ᠭᠠᠵᠠᠷ ᠲᠤᠯᠴᠢᠬᠠᠨ᠎ᠠ ᠬᠡᠵᠠᠢ᠃ ᠬᠡᠳᠡᠯ᠎ᠡ ᠨᠦᠬᠦᠬᠡ ᠰᠤᠬᠤᠷ ᠢᠳᠡᠬᠡᠬᠦ ᠦᠬᠡᠢ ᠦᠬᠦᠨ ᠵᠢᠭᠤᠷᠠᠭᠠᠳ ᠪᠠᠶᠢᠵᠠᠢ᠃ ᠰᠡᠬᠦᠯᠡᠷ ᠨᠢ ᠬᠦᠴᠤ ᠲᠠᠮᠢᠷ ᠨᠢ ᠰᠤᠯᠠᠳᠠᠵᠤ ᠦᠪᠡᠷ ᠤᠨ ᠡᠷᠬᠡ ᠦᠬᠡᠢ ᠭᠠᠷ ᠠᠯᠳᠠᠭᠰᠠᠨ ᠳᠤ ᠪᠤᠭᠤᠨᠢᠬᠠᠨ ᠭᠤᠤᠯ ᠤᠨ ᠲᠠᠩ ᠲᠡᠬᠡᠷ᠎ᠡ ᠦᠢᠴᠠᠵᠠᠢ᠃ ᠲᠡᠷᠡ ᠰᠤᠬᠤᠷ ᠶᠡᠬᠡᠳᠡ ᠢᠨᠢᠶᠡᠨ ᠬᠡᠯᠡᠭᠰᠡᠨ ᠨᠢ ᠡᠬᠦᠨ ᠢ ᠮᠡᠳᠡᠭᠰᠡᠨ ᠪᠤᠯ ᠬᠡᠵᠢᠶᠡᠨᠢ ᠦᠬᠡᠢ ᠭᠠᠷ ᠪᠠᠨ ᠲᠠᠯᠪᠢᠴᠢᠬᠠᠬᠤ ᠪᠠᠶᠢᠵᠠᠢ ᠬᠡᠵᠠᠢ᠃       ᠦᠨᠡᠨ ᠬᠤᠳᠠᠯ ᠢ ᠮᠡᠳᠡᠬᠦ ᠦᠬᠡᠢ ᠦᠬᠦᠨ ᠵᠢᠭᠤᠷᠠᠭᠴᠢᠳ ᠡᠨᠡ ᠰᠤᠬᠤᠷ ᠲᠠᠢ ᠠᠳᠠᠯᠢ ᠬᠡᠳᠤᠢ ᠬᠦᠬᠡᠷᠤᠬᠦᠶᠢᠯᠡᠯᠲᠠᠢ ᠪᠤᠢ᠃ ᠠᠮᠢᠳᠤᠷᠠᠯ  ᠤᠨ ᠲᠤᠮᠳᠠ ᠭᠠᠭᠴᠠ ᠨᠢᠬᠡ ᠶᠢ ᠮᠡᠳᠡᠬᠡᠳ ᠭᠠᠶᠢᠬᠠᠭᠤᠯᠤᠨ ᠵᠢᠳᠬᠦᠭᠴᠢᠳ ᠦᠨᠡᠬᠡᠷ ᠨᠢᠳᠤ ᠪᠠᠶᠢᠭᠠᠳ ᠰᠤᠬᠤᠷ ᠲᠠᠢ ᠠᠳᠠᠯᠢ ᠪᠢᠯᠠ᠃      
 
ᠢᠷᠡᠯᠲᠡ᠄ ᠠᠯᠠᠱᠠ ᠵᠡᠭᠦᠨ ᠬᠤᠰᠢᠭᠤᠨ ᠤ ᠵᠠᠰᠠᠭ ᠤᠨ ᠣᠷᠳᠣᠨ ᠤ ᠮᠣᠩᠭᠤᠯ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号