﹇ᠤᠷᠠᠨ ᠵᠣᠬᠢᠶᠠᠯ﹈ ᠬᠥᠳᠡᠭᠡ ᠳᠤ ᠪᠠᠨ ᠢᠷᠡᠭᠡᠷᠡᠢ
ᠨᠡᠶᠢᠲᠡᠯᠡᠭᠰᠡᠨ ᠴᠠᠭ᠄
2024/7/10
ᠵᠠᠩᠭᠠᠨᠤᠷᠪᠤ                  — ᠳᠤᠷᠠᠯᠠᠯ ᠤᠨ ᠳᠠᠭᠤᠤ ᠬᠥᠭᠡᠨᠪᠤᠯ ᠳᠤ ᠪᠢᠴᠢᠪᠡᠢ      ᠬᠥᠳᠡᠭᠡ — ᠡᠵᠢ ᠪᠠᠨ ᠬᠤᠯᠠ ᠤᠷᠭᠢᠭᠠᠳ      ᠬᠥᠭᠵᠢᠯ ᠤᠨ ᠳᠠᠯᠠᠢ ᠬᠤᠳᠠ ᠳᠤ ᠶᠠᠪᠤᠭᠰᠠᠨ      ᠬᠥᠭᠡᠷᠤᠬᠦᠨ ᠳᠤᠷᠠᠯᠠᠯ ᠤᠨ ᠰᠤᠷᠢᠨᠵᠢᠨ ᠳᠡᠮᠤᠷ      ᠬᠥᠭᠡᠨᠪᠤᠯ ᠴᠢ ᠮᠢᠨᠢ ᠰᠠᠶᠢᠨ ᠪᠠᠶᠢᠨ᠎ᠠ ᠤᠤ︖      ᠴᠢᠮ᠎ᠠ ᠶᠢ ᠰᠠᠨᠠᠬᠤ ᠶᠢᠨ ᠡᠨᠡᠭᠡᠨ ᠳᠠᠪᠠᠭᠠᠨ ᠳᠤ      ᠴᠠᠶᠢᠯᠭᠠᠨ ᠠᠮᠢᠳᠤᠷᠠᠯ ᠪᠤᠰᠬᠠᠬᠤ ᠰᠥᠯᠳᠠ ᠪᠠᠷ      ᠠᠷᠥ ᠬᠤᠶᠢᠨ᠎ᠠ ᠠᠴᠠ ᠴᠢᠨᠢ ᠵᠠᠬᠢᠶ᠎ᠠ ᠪᠢᠴᠢᠯ᠎ᠠ      ᠠᠪᠴᠤ ᠴᠢ ᠤᠩᠰᠢᠬᠤ ᠪᠤᠯᠪᠠᠤ᠃      ᠰᠢᠨ᠎ᠠ ᠴᠠᠭ ᠤᠨ ᠡᠷᠳᠡᠮ ᠢ ᠤᠯᠵᠥ      ᠰᠢᠨᠵᠢᠯᠡᠬᠦ ᠤᠬᠠᠭᠠᠨ ᠤ ᠰᠢᠳᠢ ᠪᠤᠴᠠᠯᠤᠭᠰᠠᠨ      ᠬᠤᠳᠠ ᠶᠢᠨ ᠬᠥᠭᠵᠢᠯ ᠳᠠᠩᠴᠢ ᠰᠠᠶᠢᠬᠠᠨ      ᠭᠤᠤᠯ ᠲᠠᠢ ᠪᠥᠬᠦᠨ ᠤ ᠳᠡᠮᠡᠤᠯᠡᠬᠦ ᠭᠠᠵᠠᠷ ᠡ᠃      ᠥᠨᠳᠤᠷ ᠠᠰᠠᠷ ᠬᠠᠷᠠᠭ᠎ᠠ ᠳᠠᠭᠠᠷᠢᠵᠥ      ᠥᠨ᠎ᠠ ᠲᠠᠢ ᠪᠠᠷᠠᠭ᠎ᠠ ᠰᠡᠳᠬᠢᠯ ᠭᠡᠳᠡᠭᠡᠯᠡᠵᠥ      ᠥᠶ᠎ᠠ ᠶᠢᠨ ᠬᠠᠨᠢᠳᠠᠨ ᠳᠤᠷᠠᠯᠠᠯ ᠪᠤᠴᠠᠯᠭᠠᠵᠥ      ᠥᠨᠡᠷᠭᠡᠭ ᠠᠮᠢᠳᠤᠷᠠᠯ ᠬᠠᠶᠢᠷ᠎ᠠ ᠳᠠᠯᠠᠯᠵᠥ      ᠥᠷᠭᠡᠨ ᠵᠠᠭᠡᠯᠢ ᠶᠢᠨ ᠳᠡᠷᠭᠡ ᠮᠠᠰᠢᠨ      ᠥᠷᠯᠥᠭᠡ ᠠᠴᠠ ᠥᠳᠡᠰᠢ ᠳᠡᠮᠡᠤᠯᠡᠨ ᠵᠤᠷᠢᠵᠥ      ᠴᠠᠭ ᠤᠨ ᠬᠤᠶᠢᠨ᠎ᠠ ᠠᠴᠠ ᠳᠡᠮᠡᠴᠡᠨ ᠬᠥᠶᠤᠵᠥ      ᠴᠠᠭᠠᠨ᠎ᠠ ᠪᠠᠨ ᠶᠠᠭᠤᠮᠠᠨ ᠳᠤ ᠶᠠᠭᠠᠷᠠᠯᠳᠠᠢ ᠪᠠᠶᠢᠵᠥ      ᠠᠮᠢᠳᠤᠷᠠᠪᠠᠯ ᠶᠤᠰᠤᠳᠠᠢ ᠢᠩᠬᠢᠨ᠎ᠠ ᠭᠡᠵᠥ      ᠶᠠᠮᠠᠷᠪᠠ ᠬᠥᠮᠤᠨ ᠳᠤ ᠪᠤᠳᠤᠭᠤᠯᠬᠤ ᠪᠤᠯᠭᠠᠵᠥ      ᠠᠮᠵᠢᠯᠳᠠ ᠭᠡᠪᠡᠯ ᠠᠳᠡ ᠯᠠ ᠭᠡᠵᠥ      ᠶᠠᠭᠠᠬᠢᠬᠤ ᠶᠢᠨ ᠠᠷᠭ᠎ᠠ ᠥᠭᠡᠢ ᠵᠥᠪᠰᠢᠶᠡᠷᠡᠬᠦ ᠪᠤᠯᠭᠠᠵᠥ      ᠬᠤᠳᠠ ᠶᠢᠨ ᠠᠮᠢᠳᠤᠷᠠᠯ ᠶᠠᠭᠠᠬᠢᠭᠰᠠᠨ ᠰᠠᠶᠢᠨ ᠪᠤᠢ      ᠬᠤᠳᠠ ᠠᠴᠠ ᠬᠥᠳᠡᠭᠡ ᠶᠠᠭᠤᠳᠠᠢ ᠬᠤᠯᠠ ᠪᠤᠢ᠃ ᠁      ᠭᠡᠳᠡᠯ᠎ᠠ ᠨᠥᠬᠦᠷ ᠮᠢᠨᠢ᠂ ᠮᠢᠨᠥ ᠬᠠᠶᠢᠷ᠎ᠠ ᠮᠢᠨᠢ      ᠭᠡᠭᠡᠨᠴᠢᠷ ᠳᠥᠷᠬᠦ ᠪᠠᠨ ᠨᠠᠳᠠ ᠤᠷᠬᠢᠭᠠᠳ      ᠬᠤᠳᠠ ᠶᠢᠨ ᠳᠤᠭᠤᠰᠤᠨ ᠳᠤ ᠴᠡᠴᠡᠭ ᠢᠶᠠᠨ ᠭᠡᠭᠡᠨ      ᠭᠤᠷᠢ ᠳᠤᠷᠠᠯᠠᠯ ᠢᠶᠠᠨ ᠪᠤᠰᠤᠳ ᠲᠤ ᠠᠯᠳᠠᠭᠠᠳ      ᠠᠶᠠᠭ᠎ᠠ ᠫᠢᠯᠠ ᠶᠢᠨ ᠭᠭᠢᠷ ᠲᠤ ᠪᠤᠭᠤᠭᠳᠠᠵᠥ      ᠠᠵᠢᠯᠰᠠᠭ ᠪᠤᠯᠪᠠᠴᠤ ᠮᠥᠩᠬᠦ ᠬᠤᠮᠰᠠ ᠪᠠᠷ      ᠠᠷᠭᠠᠴᠠᠭ᠎ᠠ ᠥᠭᠡᠢ ᠠᠮᠢᠳᠤᠷᠠᠯ ᠤᠨ ᠰᠢᠷᠤᠬᠦᠨ ᠶᠤᠪᠤᠷᠠᠯᠳᠠ ᠪᠠᠷ      ᠠᠯᠳᠠᠭᠳᠠᠵᠥ ᠶᠠᠪᠤᠬᠤ ᠶᠢᠨ ᠤᠴᠢᠷ ᠶᠠᠭᠤᠨ︖      ᠬᠡᠷᠪᠠ ᠨᠢᠭᠡᠨ ᠢᠷᠡᠬᠦ ᠡᠳᠥᠷ ᠢᠶᠠᠷ      ᠬᠡᠮᠵᠢᠬᠦ ᠨᠠᠰᠤᠨ ᠤ ᠪᠤᠭᠤᠨᠢᠬᠠᠨ ᠰᠡᠬᠦᠳᠡᠷ      ᠭᠡᠭᠡᠨᠴᠢᠷ ᠥᠩᠭᠡ ᠶᠢ ᠴᠢᠨᠢ ᠬᠤᠪᠬᠤᠯᠠᠬᠤ ᠪᠤᠯᠪᠠᠯ      ᠭᠭᠢᠷ ᠳᠤᠭᠤᠰᠤ ᠪᠠᠷ ᠴᠢᠮ᠎ᠠ ᠶᠢ ᠪᠤᠯᠬᠠᠪᠠᠯ      ᠥᠯᠡᠳᠡᠬᠦ ᠠᠮᠢᠳᠤᠷᠠᠯ ᠶᠠᠮᠠᠷᠬᠠᠨ ᠪᠤᠯᠬᠤ ᠶᠢ      ᠤᠬᠠᠭᠠᠯᠢᠭ ᠴᠢ ᠮᠢᠨᠢ ᠰᠠᠨᠠᠭᠰᠠᠨ ᠪᠤᠯᠪᠠ ᠤᠤ︖      ᠠᠬᠤᠢ᠂ ᠮᠥᠩᠬᠦ ᠪᠠᠷ ᠳᠤᠳᠠᠭᠤ ᠪᠤᠯᠤᠭᠠᠳ      ᠠᠵᠢᠯᠴᠢᠨ ᠤ ᠡᠩᠨᠡᠭᠡ ᠳᠤ ᠤᠷᠤᠬᠤ ᠭᠡᠮᠡᠭᠡᠳ      ᠠᠷᠪᠠᠨ ᠵᠢᠷᠭᠤᠭᠠᠨ ᠴᠠᠭ ᠢᠶᠠᠷ ᠠᠵᠢᠯᠯᠠᠭᠠᠳ      ᠠᠳᠠᠭ ᠤᠨ ᠨᠤᠶᠢᠷ᠂ ᠬᠤᠭᠤᠯᠠ ᠴᠤ ᠥᠭᠡᠢ ᠪᠤᠯᠤᠭᠠᠳ      ᠬᠥᠮᠤᠨ ᠪᠥᠬᠦᠨ ᠤ ᠭᠠᠷ ᠤᠨ ᠬᠤᠶᠠᠩ ᠢᠶᠠᠷ      ᠬᠥᠴᠤᠨ ᠮᠠᠬᠦᠰᠳᠠᠵᠥ ᠵᠥᠳᠡᠬᠦᠤ ᠶᠠᠪᠤᠬᠤ ᠪᠠᠷ      ᠳᠤᠯᠤᠳᠤᠭᠠᠷ ᠠᠩᠬᠢ ᠶᠢᠨ ᠳᠡᠷᠠ ᠰᠤᠶᠤᠯ ᠢᠶᠠᠨ      ᠳᠤᠬᠢᠳᠠᠢ ᠵᠠᠷᠤᠬᠤ ᠰᠠᠶᠢᠬᠠᠨ ᠭᠠᠵᠠᠷ ᠢᠶᠠᠨ      ᠵᠤᠨ ᠰᠢᠭ᠋ ᠬᠥᠳᠡᠭᠡ ᠳᠤ ᠪᠠᠨ ᠢᠷᠡᠭᠡᠷᠡᠢ︕      ᠴᠤᠬᠤᠮ ᠰᠠᠶᠢᠬᠠᠨ ᠥᠵᠡᠰᠬᠦᠯᠠᠩ ᠪᠤᠯᠤᠨ᠎ᠠ᠃      ᠥᠩᠭᠡ ᠶᠢᠨ ᠳᠡᠯᠡᠭᠡᠢ ᠠᠴᠠ ᠳᠠᠳᠠᠭᠤ ᠭᠡᠪᠡᠴᠤ      ᠥᠪᠡᠷᠮᠢᠴᠠ ᠬᠠᠯᠠᠭᠤᠮᠰᠤᠭ ᠬᠥᠳᠡᠭᠡ ᠪᠠᠶᠢᠨ᠎ᠠ      ᠥᠷᠯᠥᠭᠡ ᠥᠳᠡᠰᠢ ᠶᠢᠨ ᠰᠤᠨᠢᠨ ᠴᠥᠭᠡᠨ ᠴᠤ      ᠥᠷᠭᠡᠨ ᠴᠢᠯᠥᠭᠡᠨ ᠤ ᠵᠢᠷᠭᠠᠯ ᠪᠠᠶᠢᠨ᠎ᠠ᠃      ᠳᠠᠪᠤᠨ ᠬᠤᠰᠢᠭᠤᠨ ᠮᠠᠯ ᠤᠶᠢᠯᠠᠭᠠᠳ      ᠳᠠᠷᠠᠭ ᠠᠶᠢᠷᠠᠭ ᠤᠨ ᠥᠨᠥᠷ ᠰᠡᠩᠬᠤᠯᠤᠭᠠᠳ      ᠳᠠᠭᠠᠯᠠᠯ ᠳᠤᠷᠠᠯᠠᠯ ᠤᠨ ᠳᠠᠯᠪᠢ ᠵᠠᠳᠠᠷᠠᠭᠠᠳ      ᠲᠠ ᠪᠢᠳᠠᠨ ᠤ ᠵᠢᠷᠭᠠᠯ ᠢᠷᠡᠬᠦ ᠳ᠋ᠠ᠃      ᠮᠠᠨ ᠤ ᠨᠤᠳᠤᠭ ᠢ ᠬᠤᠳᠠ ᠶᠢᠨ ᠵᠠᠷᠢᠮᠠᠳ      ᠬᠥᠳᠡᠭᠡ᠂ ᠪᠠᠯᠠᠷ᠂ ᠬᠠᠷᠠᠩᠭᠤᠢ ᠭᠡᠯ᠎ᠠ      ᠮᠠᠰᠢ ᠳᠥᠷᠭᠡᠨ ᠥᠰᠥᠷᠤᠨ ᠳᠠᠪᠰᠢᠭᠰᠠᠨ      ᠬᠥᠭᠵᠢᠯ ᠳᠡᠭᠵᠢᠷᠠᠯ ᠢ ᠬᠠᠷᠠᠭ᠎ᠠ ᠥᠭᠡᠢ ᠪᠠᠶᠢᠨ᠎ᠠ᠃      ᠥᠨᠳᠥᠷ ᠬᠥᠴᠤᠯ ᠤᠨ ᠴᠠᠬᠢᠯᠭᠠᠨ ᠡᠨᠧᠷᠭᠢ      ᠭᠡᠵᠢᠶᠡᠳᠠ ᠮᠤᠷᠢᠯᠠᠵᠥ      ᠥᠨᠳᠥᠷ ᠪᠤᠭᠤᠨᠢ ᠬᠤᠳᠠ ᠶᠢᠨ ᠬᠡᠷᠡᠭᠰᠡᠯ      ᠭᠡᠷ ᠢᠶᠠᠷ ᠳᠥᠭᠦᠷᠴᠤ      ᠡᠬᠦᠳᠡ ᠪᠠᠷ ᠭᠠᠷᠪᠠᠯ ᠳᠠᠷᠳᠠᠩ ᠵᠠᠮ      ᠠᠯᠤᠰ ᠢ ᠬᠥᠳᠥᠯᠵᠥ      ᠡᠬᠦᠷᠢᠳᠡ ᠶᠢᠨ ᠰᠠᠶᠢᠬᠠᠨ ᠵᠠᠯ ᠵᠠᠪᠰᠢᠶᠠᠨ ᠴᠤ      ᠬᠥᠳᠡᠭᠡ ᠢᠷᠡᠯ᠎ᠠ      ᠠᠪᠤᠶ᠎ᠠ ᠭᠡᠪᠠᠯ ᠠᠪᠳᠠᠷ᠎ᠠ ᠳᠥᠬᠦᠷᠡᠩ      ᠡᠳ᠋ ᠮᠥᠩᠬᠦ      ᠠᠵᠢᠯᠯᠠᠯ᠎ᠠ ᠭᠡᠪᠠᠯ ᠬᠥᠷᠢᠶ᠎ᠠ ᠳᠥᠬᠦᠷᠠᠩ      ᠳᠠᠷᠢᠶ᠎ᠠ ᠮᠠᠯ ᠪᠠᠶᠢᠨ᠎ᠠ᠃      ᠠᠮᠠᠷᠠᠭ ᠬᠠᠶᠢᠷ᠎ᠠ ᠪᠠᠷ ᠥᠷᠯᠥᠭᠡ ᠪᠥᠷᠢ      ᠰᠢᠯᠥᠭ ᠳᠠᠭᠤᠤ ᠲᠠᠢ      ᠠᠷᠢᠭᠤᠨ ᠰᠤᠶᠤᠯ ᠤᠨ ᠰᠢᠮ᠎ᠠ ᠰᠠᠪᠠ ᠪᠠᠷ      ᠤᠬᠠᠭᠠᠨ ᠰᠠᠷᠠᠭᠤᠯ      ᠮᠠᠯᠴᠢᠨ ᠪᠢᠳᠠ ᠴᠠᠭ ᠢᠶᠠᠨ ᠤᠯᠤᠭᠠᠳ      ᠪᠠᠶᠠᠵᠢᠯ ᠤᠨ ᠵᠠᠮ ᠳᠤ ᠳᠥᠷᠭᠡᠨ ᠶᠠᠪᠤᠯ᠎ᠠ᠃      ᠮᠠᠰᠢᠨ ᠳᠡᠷᠭᠡ ᠠᠥᠲ᠋ᠤ᠋ ᠡᠵᠡᠮᠰᠢᠯ ᠢᠶᠠᠷ      ᠠᠯᠤᠰ ᠤᠨ ᠵᠠᠮ ᠢ ᠡᠯᠬᠦᠵᠥ ᠡᠬᠢᠯᠠᠯ᠎ᠠ      ᠳᠥᠷᠤ ᠬᠥᠷᠤᠨ ᠤ ᠤᠴᠢᠷ ᠨᠠᠮ ᠲᠠᠢ ᠴᠤ      ᠳᠠᠨᠢᠯᠴᠠᠵᠥ ᠢᠷᠡᠯ᠎ᠠ      ᠲᠧᠯᠸᠢᠰ ᠤᠳᠠᠰᠤ ᠪᠠᠷ ᠳᠥᠮᠡᠨ ᠳᠡᠯᠡᠭᠡᠢ ᠶᠢᠨ      ᠰᠤᠷᠠᠭ ᠵᠠᠩᠬᠢ ᠶᠢ ᠳᠤᠭᠤᠯᠬᠤ ᠪᠤᠯᠤᠯ᠎ᠠ ᠁      ᠤᠬᠠᠭ᠎ᠠ ᠰᠠᠷᠠᠭᠤᠯ ᠳᠤᠷᠪᠢ ᠴᠢᠬᠢᠷᠠᠭ      ᠨᠤᠳᠤᠭ ᠤᠨ ᠬᠠᠷ᠎ᠠ ᠬᠥᠤ      ᠤᠶᠠᠭᠠᠨ ᠳᠡᠭᠡᠷ᠎ᠠ ᠪᠠᠨ ᠲᠡᠷᠬᠡ ᠪᠠᠨ ᠰᠤᠶᠢᠵᠥ      ᠴᠢᠮ᠎ᠠ ᠪᠠᠨ ᠬᠥᠯᠢᠶᠠᠨ᠎ᠠ᠃      ᠤᠵᠤᠭᠤᠷ ᠤᠨ ᠪᠤᠯᠵᠤᠯ ᠢᠶᠠᠨ ᠮᠠᠷᠲᠠᠯ ᠦᠭᠡᠢ ᠶᠤᠮ ᠪᠤᠯ      ᠬᠠᠶᠢᠷᠠᠳᠥ ᠬᠤᠩᠭᠤᠷ ᠮᠢᠨᠢ      ᠤᠳᠠᠰᠤ ᠵᠠᠯᠭᠠᠨ ᠤᠷᠢᠳᠠᠪᠠᠷ ᠨᠠᠳᠠ      ᠴᠢᠮᠡᠭᠡ ᠳᠤᠪᠳᠤᠯᠭ᠎ᠠ      ᠬᠤᠳᠠ ᠭᠠᠵᠠᠷ ᠰᠠᠭᠤᠭᠰᠠᠨ ᠴᠢᠨᠤ      ᠪᠠᠶᠢᠷᠢᠨ ᠤ ᠡᠮᠤᠨ᠎ᠠ      ᠺᠤᠰᠲᠢᠶᠤᠮ ᠡᠮᠤᠰᠤᠭ᠍ᠰᠡᠨ ᠬᠥᠳᠡᠭᠡ ᠶᠢᠨ ᠬᠥᠤ      ᠪᠠᠭ᠎ᠠ ᠳᠡᠷᠭᠡ ᠲᠠᠢ      ᠢᠵᠢᠯᠢ ᠴᠢᠨᠥ ᠬᠠᠨᠢ ᠪᠥᠬᠦᠨ ᠤ      ᠨᠢᠳᠥ ᠶᠢ ᠪᠤᠯᠢᠶᠠᠵᠥ      ᠢᠷᠡᠬᠦ ᠴᠢᠮ᠎ᠠ ᠪᠠᠨ ᠰᠡᠳᠬᠢᠯ ᠤᠨ ᠭᠡᠵᠥ      ᠬᠠᠳᠠᠭ ᠲᠠᠢ ᠳᠤᠰᠤᠨ᠎ᠠ᠃      ᠬᠡᠷᠪᠡ ᠴᠢ ᠮᠢᠨᠢ ᠳᠤᠷᠠᠳᠠᠢ ᠶᠤᠮ ᠪᠤᠯ      ᠬᠡᠵᠢᠶ᠎ᠠ ᠶᠡᠵᠢᠶᠡᠨ ᠤ ᠬᠠᠶᠢᠷᠠᠳᠠᠢ ᠪᠠᠶᠢᠭᠰᠠᠨ      ᠮᠢᠨᠥ ᠵᠠᠬᠢᠶ᠎ᠠ ᠪᠠᠷ      ᠭᠡᠭᠡᠮᠰᠥᠭ ᠰᠠᠶᠢᠬᠠᠨ ᠥᠩᠭᠡᠳᠥ ᠤᠷᠴᠢᠯᠠᠩ ᠤᠨ      ᠬᠤᠳᠠ ᠪᠠᠨ ᠤᠷᠬᠢᠭᠠᠳ      ᠬᠡᠳᠥ ᠶᠢᠨ ᠬᠥᠰᠡᠯ ᠢ ᠡᠪᠤᠷᠯᠡᠵᠥ ᠨᠠᠰᠢ ᠪᠠᠨ      ᠮᠠᠨ ᠤ ᠳᠤ ᠢᠷᠡᠭᠡᠷᠡᠢ︕      ᠬᠤᠶᠠᠭᠤᠯᠠ ᠳᠡᠭᠡᠪᠡᠯ ᠢᠨᠢᠶᠠᠳᠤ ᠬᠥᠷ      ᠳᠥᠬᠦᠷᠡᠩ ᠪᠢᠯᠬᠠᠨ      ᠬᠤᠵᠢᠮ ᠤᠨ ᠵᠢᠷᠭᠠᠯ ᠢᠶᠠᠨ ᠡᠳᠥᠷ ᠰᠥᠨᠢ ᠥᠭᠡᠢ      ᠬᠥᠤᠷᠨᠢᠵᠥ ᠬᠡᠯᠡᠯᠴᠡᠨ᠎ᠠ      ᠬᠤᠶᠢᠳᠤᠨ ᠨᠠᠮᠣᠷ ᠠᠯᠢᠪᠠ ᠪᠥᠭᠦᠨ      ᠳᠠᠷᠭᠤᠨ ᠪᠤᠯᠬᠤ ᠳᠤ      ᠬᠤᠶᠠᠭᠤᠯᠠ ᠶᠢᠨ ᠭᠡᠵᠥ ᠳᠤᠯᠠᠭᠠᠨ ᠪᠥᠯᠢ      ᠶᠢᠷᠳᠢᠨᠴᠤ ᠳᠤ ᠪᠤᠰᠤᠨ᠎ᠠ᠃      ᠵᠢᠷᠭᠠᠯ ᠳᠡᠭᠡᠪᠡᠯ ᠬᠤᠶᠠᠭᠤᠯᠠ ᠶᠢᠨ ᠬᠢ ᠪᠠᠷ      ᠨᠡᠪᠳᠡ ᠠᠶᠢᠯᠴᠢᠯᠠᠵᠥ      ᠵᠠᠶᠠᠭᠠᠨ ᠤ ᠰᠢᠮ᠎ᠠ ᠶᠢ ᠠᠮᠠᠷᠠᠭ ᠬᠤᠤᠰ      ᠬᠠᠨᠤᠨ ᠬᠥᠷᠳᠡᠵᠥ      ᠵᠠᠭᠤᠨ ᠵᠢᠯ ᠢᠶᠠᠷ ᠬᠠᠯᠠᠭᠤᠨ ᠢᠨᠠᠭ ᠤᠨ      ᠰᠡᠳᠬᠢᠯ ᠳᠤᠭᠳᠤᠯᠵᠥ      ᠵᠠᠭᠤᠷᠠᠳᠥ ᠶᠢᠨ ᠤᠷᠤᠨ ᠤ ᠪᠠᠶᠠᠰᠬᠤᠯᠠᠩ ᠵᠢᠷᠭᠠᠯ      ᠳᠡᠪᠡᠷᠡᠨ ᠲᠡᠪᠡᠷᠢᠨ᠎ᠡ᠃      ᠰᠢᠨ᠎ᠠ ᠤᠶᠢᠯᠡᠰ ᠤᠨ ᠰᠥᠷ ᠬᠥᠴᠤᠨ      ᠮᠠᠨ ᠲᠠᠢ ᠬᠠᠮᠳᠤ ᠳᠠᠯ᠎ᠠ ᠪᠠᠷ ᠰᠥᠨᠳᠡᠷᠯᠡᠵᠥ      ᠰᠢᠨᠵᠢᠯᠡᠬᠦ ᠤᠬᠠᠭᠠᠨ ᠤ ᠮᠠᠯᠵᠢᠬᠤ ᠤᠨᠤᠯ      ᠬᠥᠳᠡᠭᠡ ᠪᠢᠳᠡᠨ ᠤ ᠰᠡᠳᠬᠢᠯ ᠢᠶᠠᠷ ᠪᠡᠯᠴᠢᠵᠥ      ᠰᠢᠨᠡᠭᠡᠨ ᠴᠢᠮ᠎ᠠ ᠲᠠᠢ ᠮᠠᠯᠴᠢᠨ ᠬᠥᠪᠡᠬᠦᠨ ᠤ      ᠮᠠᠩᠨᠠᠢ ᠳᠡᠨᠡᠶᠢᠵᠥ      ᠰᠢᠷ ᠭᠡᠰᠡᠨ ᠬᠤᠳᠠ ᠶᠢᠨ ᠠᠮᠢᠳᠤᠷᠠᠯ      ᠬᠥᠳᠡᠭᠡ ᠳᠤ ᠪᠤᠰᠤᠨ᠎ᠠ᠃      ᠰᠢᠨ᠎ᠠ ᠪᠠᠶᠠᠵᠢᠯ ᠪᠢᠳᠠ ᠪᠥᠬᠦᠨ ᠢ      ᠥᠷ᠎ᠠ ᠪᠠᠷ ᠬᠥᠳᠥᠯᠥᠨ᠎ᠠ      ᠰᠢᠨ᠎ᠠ ᠴᠠᠭ ᠤᠨ ᠮᠠᠯᠴᠢᠨ ᠪᠢᠳᠠ      ᠵᠢᠷᠭᠠᠯ ᠢᠶᠠᠷ ᠳᠠᠭᠤᠯᠠᠨ᠎ᠠ᠃      
 
ᠢᠷᠡᠯᠲᠡ᠄ ᠠᠯᠠᠱᠠ ᠵᠡᠭᠦᠨ ᠬᠤᠰᠢᠭᠤᠨ ᠤ ᠵᠠᠰᠠᠭ ᠤᠨ ᠣᠷᠳᠣᠨ ᠤ ᠮᠣᠩᠭᠤᠯ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号