﹇ᠤᠷᠠᠨ ᠵᠣᠬᠢᠶᠠᠯ﹈ ᠳᠡᠮᠡᠭᠡ
ᠨᠡᠶᠢᠲᠡᠯᠡᠭᠰᠡᠨ ᠴᠠᠭ᠄
2024/7/10
  ᠵᠠᠩᠭᠠᠨᠤᠷᠪᠤ                ᠬᠤᠶᠠᠷ ᠴᠠᠭᠠᠨ ᠳᠡᠮᠡᠭᠡ      ᠬᠤᠳᠠ ᠶᠢᠨ ᠳᠤᠮᠳᠠ ᠭᠡᠬᠦᠶᠢᠨ᠎ᠠ      ᠬᠤᠩᠭᠤᠷ ᠢᠵᠢᠯᠢ ᠪᠠᠨ ᠰᠠᠨᠠᠬᠤ ᠪᠢᠯᠢᠤ      ᠬᠤᠶᠢᠳᠥ ᠨᠤᠳᠤᠭ ᠢᠶᠠᠨ ᠪᠤᠳᠤᠬᠤ ᠶᠤᠮ ᠪᠢᠯᠢᠤ      ᠬᠥᠯ ᠳᠤᠤᠷ᠎ᠠ ᠴᠢᠨᠢ ᠤᠷᠢᠯᠠᠯᠳᠤᠭᠰᠠᠨ      ᠬᠥᠰᠭᠡ᠂ ᠳᠠᠷᠭᠡ᠂ ᠬᠥᠮᠤᠰ      ᠳᠠᠩᠴᠢ ᠡᠯᠤᠶᠢᠷᠡᠬᠦᠯᠵᠥ ᠴᠢᠮ᠎ᠠ ᠶᠢ ᠠᠴᠠ      ᠳᠠᠰᠢᠭᠤ ᠬᠡᠯᠪᠡᠷᠢ ᠪᠠᠷ ᠠᠩᠬᠢᠵᠢᠷᠠᠨ᠎ᠠ᠃      ᠤᠨ ᠤᠳᠠᠭᠰᠠᠨ ᠪᠠᠶᠠᠨ ᠳᠤ ᠴᠢᠨᠢ      ᠤᠳᠤᠳ ᠤᠨ ᠨᠢᠳᠤᠨ ᠤᠷᠤᠮ ᠪᠢᠯᠢᠥ      ᠤᠮᠤᠭᠤᠯᠳᠤᠵᠥ ᠬᠠᠳᠠᠭᠰᠠᠨ ᠤᠷᠤᠭᠤᠯ ᠳᠤ ᠴᠢᠨᠢ      ᠤᠷᠤᠶᠢᠳᠠᠭᠰᠠᠨ ᠪᠤᠷᠤᠭᠠᠨ ᠤ ᠳᠤᠰᠤᠯ ᠪᠢᠯᠢᠥ      ᠳᠤᠪ ᠳᠤᠪ ᠨᠥᠭᠡ ᠨᠦᠭᠦᠳ      ᠳᠤᠭᠠᠯᠠᠵᠥ ᠴᠢᠮ᠎ᠠ ᠶᠢ ᠫᠤᠤᠳᠠᠵᠠᠢ᠃      ᠳᠤᠳᠤᠭᠠᠳᠤ ᠰᠡᠳᠬᠢᠯ ᠤᠨ ᠥᠨᠥᠴᠢᠷᠡᠯ ᠢᠶᠠᠨ      ᠳᠤᠭᠠᠴᠢᠬᠤ ᠳᠤ ᠪᠠᠨ ᠢᠩᠬᠢᠵᠥ ᠴᠤᠭᠤᠷᠠᠪᠠ ᠤᠤ︖      ᠡᠵᠠᠨ ᠴᠢᠨᠢ ᠴᠢᠮ᠎ᠠ ᠶᠢ ᠬᠠᠶᠠᠭᠠᠳ      ᠡᠷᠬᠢᠯᠳᠠ ᠥᠭᠡᠢ ᠬᠤᠯᠠ ᠶᠠᠪᠤᠯ᠎ᠠ ᠴᠤ      ᠰᠡᠮᠡᠭᠡᠷ ᠨᠤᠳᠤᠭᠯᠠᠵᠥ ᠬᠤᠴᠤᠷᠤᠭᠰᠠᠨ      ᠰᠡᠳᠬᠢᠯ ᠤᠨ ᠨᠢᠭᠤᠴᠠ ᠴᠢᠨᠢ ᠬᠠᠮᠢᠭ᠎ᠠ ᠪᠠᠶᠢᠨ᠎ᠠ︖       ᠳᠠᠪᠤ᠂ ᠳᠡᠮᠡᠭᠡᠳᠥ ᠠᠴᠠ ᠵᠠᠭᠤᠨ ᠤ ᠪᠠᠷ᠎ᠠ ᠳᠤ      ᠠᠭᠤᠯᠠᠨ ᠬᠤᠩᠬᠢᠯ ᠵᠠᠮ ᠢᠶᠠᠷ      ᠤᠷᠤᠭᠰᠢ ᠪᠠᠨ ᠵᠢᠳᠬᠦᠵᠥ ᠶᠠᠪᠤᠬᠤ ᠳᠤ      ᠤᠯᠠᠭᠠᠨ ᠬᠠᠯᠴᠠᠭᠠᠢ ᠳᠤᠪᠤ ᠨᠤᠭᠤᠳ      ᠤᠶᠠᠷᠠᠵᠥ ᠨᠠᠮᠠᠶᠢᠢ ᠤᠭᠳᠤᠨ᠎ᠠ      ᠡᠭᠴᠡ ᠳᠤᠪᠤ ᠶᠢᠨ ᠡᠷᠬᠢ ᠳᠡᠭᠡᠷ᠎ᠠ      ᠡᠯᠵᠢᠭᠡ ᠲᠠᠢ ᠳᠠᠷᠢᠶᠠᠴᠢᠨ ᠬᠠᠷᠠᠭᠳᠠᠨ᠎ᠠ      ᠡᠵᠡᠬᠦᠢ ᠡᠨᠡ ᠠᠭᠤᠯᠠᠨ ᠳᠤ      ᠡᠷᠬᠢᠮ ᠬᠡᠷᠬᠢᠨ ᠠᠮᠢᠳᠤᠷᠠᠨ᠎ᠠ︖      ᠭᠡᠪᠡᠴᠤ ᠨᠢᠭᠡ ᠭᠠᠶᠢᠬᠠᠮᠰᠢᠭ      ᠭᠡᠴᠢᠨᠡᠨ ᠭᠠᠵᠠᠷ ᠶᠠᠪᠤᠯ᠎ᠠ ᠴᠤ      ᠬᠡᠭᠡᠨᠴᠢᠷ ᠵᠠᠮ ᠨᠢ ᠤᠳᠤᠷᠢᠳᠤᠨ᠎ᠠ      ᠢᠷᠡᠬᠦ ᠶᠠᠪᠤᠬᠤ ᠶᠢᠨ ᠵᠠᠮ ᠢ      ᠢᠩᠬᠢᠳᠠᠯ᠎ᠠ ᠰᠠᠶᠢᠬᠠᠨ ᠪᠠᠵᠠᠭᠠᠳᠠᠭ ᠢ      ᠠᠯᠤᠰ ᠭᠠᠵᠠᠷ ᠤᠨ ᠠᠶᠢᠯᠴᠢᠨ ᠪᠢᠳᠠ      ᠠᠯᠠᠭᠠᠨ ᠤ ᠪᠠᠯᠡᠭ ᠢᠶᠠᠷ ᠳᠤᠰᠤᠯᠳᠠᠢ ᠪᠠᠶᠢᠨ᠎ᠠ᠃
 
ᠢᠷᠡᠯᠲᠡ᠄ ᠠᠯᠠᠱᠠ ᠵᠡᠭᠦᠨ ᠬᠤᠰᠢᠭᠤᠨ ᠤ ᠵᠠᠰᠠᠭ ᠤᠨ ᠣᠷᠳᠣᠨ ᠤ ᠮᠣᠩᠭᠤᠯ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号