﹇ᠤᠷᠠᠨ ᠵᠣᠬᠢᠶᠠᠯ﹈ ᠳᠡᠭᠷᠢ ᠮᠢᠨᠢ ᠡ᠂ ᠳᠡᠷᠠ ᠬᠠᠶᠢᠷ᠎ᠠ ᠶᠢ ᠴᠢᠨᠢ ᠪᠢ ᠬᠥᠷᠳᠡᠬᠦ ᠥᠭᠡᠢ
ᠨᠡᠶᠢᠲᠡᠯᠡᠭᠰᠡᠨ ᠴᠠᠭ᠄
2024/7/10
ᠵᠠᠩᠭᠠᠨᠤᠷᠪᠤ      ᠳᠡᠯᠡᠵᠥ ᠤᠨᠠᠭᠰᠠᠨ ᠳᠡᠭᠷᠢ ᠮᠢᠨᠢ ᠡ      ᠳᠡᠷᠠ ᠬᠠᠶᠢᠷ᠎ᠠ ᠶᠢ ᠴᠢᠨᠢ ᠪᠢ ᠬᠥᠷᠳᠡᠬᠦ ᠥᠭᠡᠢ      ᠳᠠᠩᠳᠠ ᠨᠠᠮ᠎ᠠ ᠶᠢ ᠬᠠᠶᠢᠷ᠎ᠠ ᠪᠠᠷ ᠴᠠᠳᠬᠠᠪᠠᠴᠤ      ᠳᠡᠷᠡᠨ ᠳᠤᠤᠷ᠎ᠠ ᠴᠢᠨᠢ ᠪᠥᠳᠡᠨᠢᠵᠥ ᠬᠡᠪᠳᠡᠬᠦ ᠥᠭᠡᠢ      ᠠᠪᠤ ᠮᠢᠨᠢ ᠭᠡᠵᠥ ᠥᠰᠥᠭᠰᠡᠨ ᠪᠠᠶᠢᠳᠠᠯ᠎ᠠ      ᠠᠪᠠᠭᠠᠢ ᠨᠢ ᠶᠤᠮᠰᠢᠭ ᠥᠨᠥᠰᠥᠬᠦᠯᠵᠥ ᠬᠡᠪᠳᠡᠬᠦ      ᠠᠮᠠᠷᠠᠭ ᠵᠢᠷᠭᠠᠯ ᠨᠠᠳᠠ ᠬᠡᠷᠡᠭ ᠥᠭᠡᠢ      ᠠᠰᠢᠭ ᠵᠤᠪᠠᠯ ᠢᠶᠠᠷ ᠪᠢᠳᠡᠭᠡᠢ ᠭᠤᠳᠤᠭ᠎ᠠ︕      ᠳᠡᠭᠡᠳᠥ ᠰᠢᠳᠥᠭᠡᠨ ᠳᠡᠭᠷᠢ ᠮᠢᠨᠢ ᠡ      ᠳᠡᠭᠡᠷᠡᠩᠬᠦᠢ ᠬᠠᠶᠢᠷ᠎ᠠ ᠶᠢ ᠴᠢᠨᠢ ᠪᠢ ᠬᠥᠷᠳᠡᠬᠦ ᠥᠭᠡᠢ      ᠳᠡᠪᠡᠯ ᠴᠢᠨᠢ ᠠᠭᠤᠵᠢᠮ᠂ ᠬᠤᠷᠮᠤᠢ ᠴᠢᠨᠢ ᠤᠷᠳᠥ ᠴᠤ      ᠳᠡᠷᠭᠡᠳᠡ ᠴᠢᠨᠢ ᠨᠤᠮᠤᠬᠠᠨ ᠤᠨᠳᠠᠵᠥ ᠴᠢᠳᠠᠬᠤ ᠥᠭᠡᠢ      ᠡᠵᠢ ᠮᠢᠨᠢ ᠶᠤᠮᠰᠢᠭ ᠠᠶᠠᠷᠬᠠᠨ ᠳᠤᠤᠭᠠᠷᠤᠭᠰᠠᠭᠠᠷ      ᠡᠩᠰᠡᠷᠡᠳᠡᠯ᠎ᠠ ᠤᠬᠢᠯᠠᠭᠤᠯᠵᠥ ᠠᠷᠭᠠᠳᠠᠨ ᠬᠥᠯᠢᠬᠦ      ᠡᠴᠡᠨ᠎ᠠ ᠵᠢᠷᠭᠠᠯ ᠨᠠᠳᠠ ᠬᠡᠷᠡᠭ ᠥᠭᠡᠢ      ᠡᠷᠬᠢᠮ ᠳᠠᠨ ᠠᠴᠠ ᠶᠠᠭᠤ ᠴᠤ ᠭᠤᠷᠢᠳᠠᠬᠤ ᠥᠭᠡᠢ︕      ᠬᠥᠨ ᠴᠡᠩᠭᠡᠷ ᠳᠡᠭᠷᠢ ᠴᠢᠮ᠎ᠠ ᠠᠴᠠ      ᠬᠥᠰᠡᠯ ᠬᠠᠶᠢᠷ᠎ᠠ ᠪᠢ ᠭᠤᠶᠤᠬᠤ ᠥᠭᠡᠢ      ᠬᠥᠮᠤᠨ ᠤ ᠰᠠᠶᠢᠬᠠᠨ ᠮᠢᠨᠥ ᠬᠠᠶᠢᠷ᠎ᠠ ᠶᠢ ᠴᠤ      ᠬᠥᠴᠤᠳᠡᠵᠥ ᠴᠢ ᠤᠯᠵᠥ ᠴᠢᠳᠠᠬᠤ ᠥᠭᠡᠢ      ᠬᠥᠥ ᠴᠢᠨᠢ ᠪᠤᠯᠵᠥ ᠵᠢᠷᠤᠭᠠᠯᠠᠵᠥ ᠬᠥᠶᠤᠭᠡᠳ      ᠬᠥᠷᠳᠡᠭᠡᠯ ᠭᠡᠰᠢᠭ ᠳᠠᠪᠠᠳᠠᠢ ᠵᠤᠭᠤᠭᠯᠠᠬᠤ      ᠬᠠᠯᠠᠭᠤᠨ ᠵᠢᠷᠭᠠᠯ ᠨᠠᠳᠠ ᠬᠡᠷᠡᠭ ᠥᠭᠡᠢ      ᠬᠠᠷᠠᠩᠭᠤᠢ ᠳᠡᠭᠷᠢ ᠴᠢ ᠤᠳᠤᠬᠠᠨ ᠵᠠᠶᠢᠯᠠ︕
 
ᠢᠷᠡᠯᠲᠡ᠄ ᠠᠯᠠᠱᠠ ᠵᠡᠭᠦᠨ ᠬᠤᠰᠢᠭᠤᠨ ᠤ ᠵᠠᠰᠠᠭ ᠤᠨ ᠣᠷᠳᠣᠨ ᠤ ᠮᠣᠩᠭᠤᠯ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号