﹇ᠤᠷᠠᠨ ᠵᠣᠬᠢᠶᠠᠯ﹈ ᠳᠥᠷᠬᠦ ᠴᠢᠨᠢ ᠠᠮᠢᠳᠤᠷᠠᠨ᠎ᠠ
ᠨᠡᠶᠢᠲᠡᠯᠡᠭᠰᠡᠨ ᠴᠠᠭ᠄
2024/7/10
ᠵᠠᠩᠭᠠᠨᠤᠷᠪᠤ            ᠳᠠᠯ᠎ᠠ ᠶᠢᠨ ᠭᠤᠤᠯ ᠳᠠᠬᠢ ᠭᠠᠭᠴᠠ ᠮᠣᠳᠤᠨ ᠳᠤ      ᠳᠠᠨᠢᠮᠠᠷᠬᠠᠨ ᠬᠤᠶᠠᠭᠤᠯᠠ ᠶᠠᠭᠤᠨ ᠳᠤ ᠵᠤᠯᠭᠠᠯ᠎ᠠ      ᠨᠠᠮ᠎ᠠ ᠶᠢ ᠬᠠᠷᠠᠵᠥ ᠳᠠᠯ᠎ᠠ ᠪᠤᠳᠤᠬᠤ ᠳᠤ ᠪᠠᠨ      ᠨᠠᠪᠴᠢᠨ ᠳᠤ ᠤᠨᠠᠭᠰᠠᠨ ᠴᠡᠴᠡᠭᠡᠰ ᠤᠭᠢᠯᠠᠨ᠎ᠠ      ᠰᠡᠬᠦᠳᠡᠷ ᠳᠠᠭᠤᠯᠠᠵᠥ ᠨᠠᠷᠠᠨ ᠪᠥᠵᠢᠭᠯᠡᠬᠦ ᠳᠤ      ᠰᠡᠬᠦᠯᠡᠷ ᠬᠤᠶᠠᠭᠤᠯᠠ ᠠᠭᠤᠯᠵᠠᠶ᠎ᠠ ᠭᠡᠯ᠎ᠠ      ᠭᠡᠨ ᠭᠡᠨ ᠢᠶᠠᠨ ᠳᠠᠨᠢᠭᠰᠠᠨ ᠴᠤ ᠥᠭᠡᠢ      ᠭᠡᠶᠤᠷᠡᠯ ᠤᠶᠢᠳᠬᠠᠷ ᠤᠯᠠᠮ ᠬᠤᠯᠠᠳᠠᠬᠤ ᠳᠤ      ᠱᠠᠯᠳᠠᠩ ᠬᠥᠶᠥᠯᠳᠥᠭᠰᠡᠨ ᠪᠠᠭ᠎ᠠ ᠶᠢᠨ ᠳᠥᠷᠬᠦ      ᠱᠠᠯᠴᠢᠭ ᠲᠤ ᠳᠤᠨᠤᠷᠠᠭᠰᠠᠨ ᠤᠰᠤ ᠰᠢᠭ᠋ ᠮᠡᠯᠡᠷᠡᠨ᠎ᠠ      ᠳᠠᠯ᠎ᠠ ᠶᠢᠨ ᠭᠤᠤᠯ ᠳᠠᠬᠢ ᠭᠠᠭᠴᠠ ᠮᠤᠳᠤᠨ      ᠳᠠᠨᠢᠯᠬᠠᠨ ᠴᠢᠮ᠎ᠠ ᠶᠠᠭᠤᠨ ᠳᠤ ᠬᠥᠯᠢᠶᠠᠯ᠎ᠠ᠃      
 
ᠢᠷᠡᠯᠲᠡ᠄ ᠠᠯᠠᠱᠠ ᠵᠡᠭᠦᠨ ᠬᠤᠰᠢᠭᠤᠨ ᠤ ᠵᠠᠰᠠᠭ ᠤᠨ ᠣᠷᠳᠣᠨ ᠤ ᠮᠣᠩᠭᠤᠯ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号