﹇ᠤᠷᠠᠨ ᠵᠣᠬᠢᠶᠠᠯ﹈ ᠳᠡᠷᠠ ᠨᠠᠮᠤᠷ ᠤᠨ ᠨᠠᠪᠴᠢᠰ
ᠨᠡᠶᠢᠲᠡᠯᠡᠭᠰᠡᠨ ᠴᠠᠭ᠄
2024/7/10
ᠵᠠᠩᠭᠠᠨᠤᠷᠪᠤ                         ᠳᠡᠷᠠ ᠨᠠᠮᠤᠷ ᠤᠨ ᠨᠠᠪᠴᠢᠰ       ᠳᠡᠷᠡ ᠵᠢᠯ ᠤᠨ ᠨᠠᠮᠤᠷ       ᠤᠯᠠᠷᠢᠯ ᠳᠥᠬᠦᠷᠡᠩ ᠢᠨᠢᠶᠡᠭᠰᠡᠨ ᠶᠤᠮ       ᠳᠡᠭᠷᠢ ᠶᠢᠨ ᠥᠷᠤᠰᠢᠶᠠᠯ ᠳᠤ ᠪᠠᠭᠳᠠᠵᠥ       ᠴᠢᠮ᠎ᠠ ᠲᠠᠢ ᠰᠠᠶᠢᠬᠠᠨ ᠳᠠᠨᠢᠯᠴᠠᠭᠰᠠᠨ ᠶᠤᠮ       ᠠᠷᠪᠠᠨ ᠳᠠᠪᠤᠨ ᠤ ᠰᠠᠷᠠ ᠰᠢᠭ᠋ ᠴᠢ       ᠮᠡᠯᠳᠡᠶᠢᠳᠡᠯ᠎ᠠ ᠢᠨᠢᠶᠡᠵᠥ ᠢᠷᠡᠭᠰᠡᠨ ᠶᠤᠮ       ᠠᠮᠠᠷᠠᠭ ᠳᠤᠷᠠᠯᠠᠯ ᠤᠨ ᠭᠤᠤᠯ ᠪᠠᠷ       ᠮᠡᠯᠮᠡᠷᠡᠳᠡᠯ᠎ᠠ ᠨᠠᠮ᠎ᠠ ᠶᠢ ᠤᠷᠤᠰᠬᠠᠭᠰᠠᠨ ᠶᠤᠮ᠃       ᠠᠶᠠᠷᠬᠠᠨ ᠴᠢᠮᠠᠳᠠᠢ ᠪᠥᠵᠢᠭᠯᠡᠬᠦ       ᠡᠬᠢᠨ ᠤ ᠬᠤᠪᠢ ᠬᠥᠰᠡᠭᠰᠡᠨ ᠶᠤᠮ       ᠠᠮᠢᠳᠥ ᠶᠠᠪᠤᠬᠤ ᠨᠠᠰᠤᠨ ᠤ ᠪᠠᠨ       ᠠᠵᠠ ᠵᠢᠷᠭᠠᠯ ᠢᠶᠠᠨ ᠳᠠᠭᠠᠳᠬᠠᠭᠰᠠᠨ ᠶᠤᠮ       ᠠᠯᠤᠰ ᠬᠤᠯᠠ ᠶᠢᠨ ᠰᠤᠷᠠᠭ ᠲᠤ       ᠬᠥᠰᠡᠯ ᠢᠶᠠᠨ ᠳᠡᠭᠡᠭᠡᠵᠥ ᠤᠴᠢᠭᠰᠠᠨ ᠶᠤᠮ       ᠠᠮᠠᠰᠠᠷ ᠪᠢᠳᠡᠬᠦᠥ ᠳᠤᠷᠠᠯᠠᠯ ᠤᠨ       ᠪᠤᠯᠠᠭ ᠤᠨ ᠬᠥᠪᠡᠭᠡᠨ ᠳᠤ ᠬᠥᠯᠢᠶᠡᠭᠰᠡᠨ ᠶᠤᠮ       ᠳᠡᠷᠠ ᠨᠠᠮᠤᠷ ᠤᠨ ᠪᠤᠷᠤᠭ᠎ᠠ       ᠬᠠᠶᠢᠷ᠎ᠠ ᠳᠡᠪᠳᠥᠭᠡᠬᠦ ᠪᠠᠷ ᠰᠢᠪᠡᠷᠡᠭᠰᠡᠨ ᠶᠤᠮ       ᠳᠡᠷᠡ ᠰᠥᠨᠢ ᠶᠢᠨ ᠴᠤᠯᠮᠤᠨ       ᠪᠥᠳᠥᠨ ᠠᠮᠢᠳᠤᠷᠠᠯ ᠢ ᠮᠢᠨᠢ ᠭᠡᠶᠢᠬᠦᠯᠥᠭᠰᠡᠨ ᠶᠤᠮ᠃       ᠳᠤᠷᠠᠯᠠᠯ ᠳᠤ ᠥᠷᠢᠳᠥᠭᠰᠡᠨ ᠬᠤᠷᠸ᠎ᠠ ᠶᠢᠨ       ᠳᠠᠭᠤᠨ ᠤ ᠠᠶᠠᠰ ᠨᠢ ᠴᠢ ᠪᠠᠶᠢᠭᠰᠠᠨ ᠶᠤᠮ       ᠳᠠᠭᠤᠯᠠᠵᠥ ᠶᠠᠪᠤᠬᠤ ᠠᠮᠢᠳᠤᠷᠠᠯ ᠤᠨ       ᠬᠠᠶᠢᠷ᠎ᠠ ᠶᠢᠨ ᠰᠢᠯᠥᠭ ᠨᠢ ᠪᠢ ᠪᠠᠶᠢᠭᠰᠠᠨ ᠶᠤᠮ᠃       ᠳᠡᠭᠷᠢ ᠶᠢᠨ ᠳᠠᠬᠢᠨᠢ ᠥᠭᠢᠨ ᠴᠢ       ᠬᠥᠮᠤᠨ ᠤ ᠵᠡᠬᠦᠳᠥ ᠪᠠᠶᠢᠭᠰᠡᠨ ᠶᠤᠮ       ᠳᠡᠷᠯᠢᠭ ᠳᠤ ᠪᠠᠨ ᠪᠠᠭᠳᠠᠭᠠᠵᠥ ᠴᠢᠳᠠᠯ ᠥᠭᠡᠢ       ᠬᠥᠮᠤᠨ ᠤ ᠬᠥᠰᠡᠯ ᠪᠤᠯᠭᠠᠭᠰᠠᠨ ᠶᠤᠮ᠃       ᠳᠡᠷᠡ ᠨᠠᠮᠤᠷ ᠤᠨ ᠨᠠᠪᠴᠢᠰ       ᠰᠢᠯᠥᠭ ᠤᠨ ᠤᠩᠭᠤᠳ ᠲᠤ ᠤᠨᠠᠭᠰᠠᠨ ᠶᠤᠮ       ᠳᠡᠨᠡᠭ ᠨᠠᠰᠤᠨ ᠤ ᠮᠢᠨᠢ ᠠᠯᠠᠭᠠᠨ ᠳᠡᠭᠡᠷ᠎ᠠ       ᠢᠷᠠᠭᠤ ᠨᠠᠶᠢᠷᠠᠭ ᠢᠶᠠᠷ ᠬᠤᠪᠢᠯᠤᠭᠰᠠᠨ ᠶᠤᠮ᠃                  
 
ᠢᠷᠡᠯᠲᠡ᠄ ᠠᠯᠠᠱᠠ ᠵᠡᠭᠦᠨ ᠬᠤᠰᠢᠭᠤᠨ ᠤ ᠵᠠᠰᠠᠭ ᠤᠨ ᠣᠷᠳᠣᠨ ᠤ ᠮᠣᠩᠭᠤᠯ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号