﹇ᠤᠷᠠᠨ ᠵᠣᠬᠢᠶᠠᠯ﹈ ᠠᠮᠠᠷᠠᠭ ᠴᠢᠯᠠᠭᠤ
ᠨᠡᠶᠢᠲᠡᠯᠡᠭᠰᠡᠨ ᠴᠠᠭ᠄
2024/7/10
 ᠵᠠᠩᠭᠠᠨᠤᠷᠪᠤ      ᠳᠤᠷᠠᠯᠠᠯ ᠤᠨ ᠬᠠᠭᠠᠯᠭ᠎ᠠ  ᠪᠠᠷ ᠵᠥᠷᠢᠬᠦ ᠥᠶᠠᠰ      ᠳᠠᠭᠤᠳᠠᠬᠤ ᠨᠡᠷ᠎ᠠ ᠶᠢ ᠴᠢᠨᠢ ᠮᠠᠷᠳᠠᠴᠢᠬᠠᠭᠰᠠᠨ ᠪᠠᠶᠢᠯ᠎ᠠ      ᠳᠠᠭᠤᠨ ᠤ ᠤᠶᠠᠬᠠᠨ ᠠᠶᠠᠰ ᠳᠠᠭᠠᠭᠠᠳ      ᠳᠤᠯᠠᠭᠠᠨ ᠠᠭᠤᠯᠠᠨ ᠳᠤ ᠬᠡᠶᠢᠰᠥᠭᠰᠡᠨ ᠪᠠᠶᠢᠯ᠎ᠠ      ᠬᠢᠰᠬᠢᠵᠥ ᠶᠠᠪᠤᠭᠰᠠᠨ ᠮᠥᠷ ᠠᠴᠠ ᠴᠢᠨᠢ ᠪᠢ      ᠭᠡᠴᠢᠨᠡᠨ ᠴᠢᠯᠠᠭᠤ ᠳᠡᠬᠦᠭᠰᠡᠨ ᠪᠤᠯᠪᠠᠴᠤ      ᠠᠯᠠᠭᠠᠨ ᠤ ᠭᠠᠭᠴᠠ ᠠᠮᠠᠷᠠᠭ ᠴᠢᠯᠠᠭᠤ ᠠᠴᠠ      ᠠᠰᠳᠠᠭᠠᠨ ᠴᠢᠯᠠᠭᠤ ᠥᠷᠤᠭᠡ ᠥᠭᠡᠢ ᠪᠠᠶᠢᠯ᠎ᠠ      ᠳᠠᠬᠢᠨ᠎ᠠ ᠭᠡᠵᠥ ᠭᠡᠨ ᠴᠤ ᠬᠡᠯᠡᠬᠦ ᠥᠭᠡᠢ ᠴᠤ      ᠳᠠᠯᠠᠯᠤᠬᠤ ᠪᠠᠨ ᠪᠢᠳᠡ ᠶᠡᠷᠥ ᠨᠢ ᠪᠠᠶᠢᠭ᠎ᠠ ᠥᠭᠡᠢ      ᠪᠠᠳᠠᠭ ᠰᠢᠯᠥᠭ ᠰᠢᠭ ᠰᠠᠶᠢᠬᠠᠨ ᠵᠢᠷᠭᠠᠯ ᠢᠶᠠᠷ      ᠪᠠᠷ᠎ᠠ ᠪᠠᠷ᠎ᠠ ᠪᠠᠨ ᠬᠠᠷᠠᠯᠴᠠᠵᠥ ᠶᠠᠪᠤᠭᠰᠠᠨ      ᠠᠮᠢᠳᠤᠷᠠᠯ ᠤᠨ ᠤᠷᠳᠤ ᠬᠠᠯᠠᠭᠤᠬᠠᠨ ᠡᠳᠥᠷ ᠤᠳ ᠲᠤ      ᠠᠰᠬᠠᠭᠰᠠᠨ ᠳᠥᠯᠥ ᠰᠢᠭ ᠳᠥᠷᠡᠯᠵᠡᠭᠡ ᠨᠢ ᠥᠭᠡᠢ ᠴᠤ      ᠠᠯᠠᠭᠬᠠᠨ ᠵᠢᠷᠤᠭᠡᠨ ᠤ ᠪᠠᠨ ᠨᠢᠭᠡᠨ ᠵᠠᠢ ᠳᠤ      ᠠᠩᠬᠠᠨ ᠤ ᠭᠡᠵᠥ ᠬᠠᠶᠢᠷ᠎ᠠ ᠶᠢ ᠴᠢᠨᠢ ᠳᠡᠭᠡᠵᠢᠯᠡᠭᠰᠡᠭᠡᠷ᠃
 
ᠢᠷᠡᠯᠲᠡ᠄ ᠠᠯᠠᠱᠠ ᠵᠡᠭᠦᠨ ᠬᠤᠰᠢᠭᠤᠨ ᠤ ᠵᠠᠰᠠᠭ ᠤᠨ ᠣᠷᠳᠣᠨ ᠤ ᠮᠣᠩᠭᠤᠯ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号