﹇ᠤᠷᠠᠨ ᠵᠣᠬᠢᠶᠠᠯ﹈ ᠬᠠᠶᠢᠷᠠᠳᠠᠢ
ᠨᠡᠶᠢᠲᠡᠯᠡᠭᠰᠡᠨ ᠴᠠᠭ᠄
2024/7/10
ᠵᠠᠩᠭᠠᠨᠤᠷᠪᠤ                  ᠡᠷᠡᠯᠭᠡᠭ ᠴᠢᠮ᠎ᠠ ᠳᠤ ᠰᠢᠯᠥᠭ ᠪᠠᠷᠢᠨᠠᠮ      ᠡᠷᠡᠨ ᠤ ᠬᠥᠷᠳᠥ ᠶᠢ ᠬᠡᠮᠭᠡᠷᠡᠳᠡᠯ᠎ᠠ ᠬᠢᠰᠬᠢᠵᠥ ᠶᠠᠪᠤᠭᠰᠠᠨ      ᠡᠴᠢᠭᠡ ᠴᠢᠨᠤ ᠳᠤᠭᠰᠢᠨ ᠰᠥᠷ ᠤᠨ ᠡᠮᠥᠨ᠎ᠠ ᠠᠴᠠ      ᠡᠷᠡᠯᠭᠡᠭ ᠪᠤᠯᠵᠥ ᠤᠨᠠᠭᠰᠠᠨ ᠶᠤᠰᠤᠨ ᠤ ᠴᠢᠨᠢ ᠳᠥᠯᠥᠭᠡ      ᠡᠮᠬᠢᠨᠡᠯ ᠪᠤᠯᠭᠠᠵᠥ ᠰᠢᠯᠥᠭ ᠪᠠᠷᠢᠨᠠᠮ ᠪᠢ      ᠬᠠᠯᠳᠤᠷᠠᠭ᠎ᠠ ᠶᠠᠭᠡᠳᠠᠢ ᠠᠶᠠᠨ ᠤ ᠪᠡᠷᠭᠡ ᠵᠠᠮ ᠳᠤ ᠪᠠᠨ      ᠬᠠᠮᠤᠵᠥ ᠪᠥᠬᠦᠨ ᠢ ᠢᠯᠠᠵᠥ ᠶᠠᠪᠤᠬᠤ ᠳᠤ ᠪᠠᠨ      ᠬᠠᠷᠢᠵᠥ ᠢᠷᠡᠪᠡᠯ ᠬᠡᠯᠡᠬᠦ ᠭᠡᠰᠡᠨ ᠥᠭᠡ ᠪᠠᠨ      ᠬᠠᠮᠳᠤ ᠳᠤ ᠪᠠᠨ ︿ᠡᠪᠦᠭᠡ﹀ ᠮᠢᠨᠢ ᠠᠪᠴᠤ ᠶᠠᠪᠤᠭᠰᠠᠨ      ᠢᠷᠳᠥ ᠰᠡᠯᠡᠮ᠎ᠠ ᠴᠢᠨᠢ ᠤᠯᠠᠮᠵᠢᠯᠠᠵᠥ ᠨᠠᠳᠠ ᠢᠷᠡᠭᠡ ᠥᠭᠡᠢ      ᠢᠯᠠᠭᠤᠭᠰᠠᠨ ᠴᠢᠮᠡᠭᠡ ᠴᠢᠨᠢ ᠵᠡᠬᠦᠳᠤᠨ ᠳᠤᠮᠳᠠ ᠮᠠᠨᠠᠭᠳᠠᠨ᠎ᠠ      ᠢᠷᠭᠤᠢ ᠨᠢᠳᠥᠯᠡᠭᠰᠡᠨ ᠬᠤᠨᠢᠳ ᠤᠨ ᠳᠤᠮᠳᠠ ᠯᠠ ᠡᠵᠢ ᠮᠢᠨᠢ      ᠢᠳᠡᠭᠡᠯ ᠪᠢᠯᠬᠠᠭᠰᠠᠨ ᠬᠠᠷᠠᠴᠠ ᠪᠠᠷ ᠨᠠᠮᠠᠶᠢᠢ ᠤᠭᠵᠢᠵᠥ      ᠠᠶᠠᠨ ᠤ ᠴᠢᠨᠢ ᠳᠥᠷᠤᠬᠡ ᠮᠢᠯᠢᠶᠠᠭᠰᠠᠨ ᠰᠥ ᠪᠠᠨ      ᠠᠶᠠᠭ᠎ᠠ ᠳᠥᠭᠦᠷᠡᠭᠡᠨ ᠨᠡᠮᠡᠨ ᠨᠡᠮᠡᠨ ᠤᠤᠭᠤᠯᠭᠠᠬᠤ ᠳᠤ ᠪᠠᠨ      ᠠᠷᠵᠠᠭᠠᠷ ᠬᠠᠷ᠎ᠠ ᠮᠠᠩᠭᠤᠰ ᠤᠨ ᠥᠯᠢᠭᠡᠷ ᠠᠴᠠ ᠬᠥᠤᠷᠨᠢᠵᠥ      ᠠᠰᠢᠳᠠ ᠢᠯᠠᠭᠳᠠᠰᠢ ᠥᠭᠡᠢ ᠪᠠᠭᠠᠳᠤᠷ ᠪᠤᠯ ᠭᠡᠨᠡᠮ      ᠭᠡᠷᠡᠴᠢ ᠪᠤᠯᠭᠠᠵᠥ ᠥᠯᠡᠳᠡᠭᠡᠭᠰᠡᠨ ᠴᠤ ᠪᠤᠯᠪᠠ ᠤᠤ ᠡᠪᠦᠭᠡ ᠮᠢᠨᠢ      ᠭᠡᠷ ᠲᠤ ᠥᠪᠯᠡᠭᠰᠡᠨ ᠭᠡᠳᠠ ᠴᠠᠬᠢᠭᠤᠷ ᠬᠤᠶᠠᠷ ᠢ ᠴᠢᠨᠢ      ᠭᠡᠴᠢᠨᠡᠨ ᠳᠣᠰᠴᠤ ᠥᠨᠡᠭᠡᠨ ᠬᠠᠷᠠᠩᠭᠤᠢ ᠳᠤ ᠪᠢ      ᠭᠡᠷᠡᠯ ᠡᠷᠬᠦᠵᠥ ᠵᠠᠮ ᠤᠨ ᠳᠡᠭᠷᠢ ᠳᠤ ᠵᠠᠬᠢᠨᠠᠮ      ᠥᠰᠥᠷᠥᠭᠰᠡᠨ ᠤᠴᠢ ᠨᠢᠳᠥ ᠰᠡᠳᠬᠢᠯ ᠪᠠᠷ ᠪᠠᠳᠠᠷᠠᠬᠤ ᠳᠤ      ᠥᠨᠡᠭᠡᠨ ᠬᠠᠷᠠᠩᠭᠤᠢ ᠬᠠᠭᠠᠷᠠᠵᠥ ᠨᠠᠮᠠᠶᠢᠢ ᠳᠠᠯᠪᠢᠨᠠᠮ      ᠬᠠᠭᠠᠷᠠᠭᠰᠠᠨ ᠳᠡᠷᠠ ᠤᠷᠳᠥ ᠠᠩ ᠢ ᠠᠳᠬᠤᠵᠥ      ᠬᠠᠷᠭᠤᠭᠰᠠᠨ ᠪᠡᠷᠭᠡ ᠢ ᠰᠡᠯᠡᠮᠡᠳᠡᠵᠥ ᠶᠠᠪᠤᠨᠠᠮ ᠪᠢ      ᠢᠷᠳᠥ ᠮᠡᠰᠡ ᠪᠠᠨ ᠰᠢᠭ᠋ ᠳᠠᠩᠬᠢᠨᠠᠵᠥ ᠶᠠᠪᠤᠭᠰᠠᠨ ᠴᠢᠨᠥ      ᠡᠷᠡᠯᠭᠡᠭ ᠰᠥᠷ ᠲᠤ ᠰᠢᠯᠥᠭ ᠪᠠᠷᠢᠨᠠᠮ ᠪᠢ      ᠡᠴᠡᠯ ᠥᠭᠡᠢ ᠵᠤᠷᠢᠭᠳᠥ ᠪᠠᠶᠢᠯᠳᠤᠵᠥ ᠶᠠᠪᠤᠭᠰᠠᠨ ᠰᠢᠷᠤᠢ      ᠡᠭᠡ ᠤᠷᠤᠨ ᠢ ᠴᠢᠨᠢ ᠰᠢᠯᠥᠭ ᠪᠤᠯᠭᠠᠵᠥ ᠱᠤᠭᠤᠨᠠᠮ᠃
 
ᠢᠷᠡᠯᠲᠡ᠄ ᠠᠯᠠᠱᠠ ᠵᠡᠭᠦᠨ ᠬᠤᠰᠢᠭᠤᠨ ᠤ ᠵᠠᠰᠠᠭ ᠤᠨ ᠣᠷᠳᠣᠨ ᠤ ᠮᠣᠩᠭᠤᠯ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号