﹇ᠤᠷᠠᠨ ᠵᠣᠬᠢᠶᠠᠯ﹈ ᠮᠢᠨᠥ ᠰᠢᠯᠥᠭ
ᠨᠡᠶᠢᠲᠡᠯᠡᠭᠰᠡᠨ ᠴᠠᠭ᠄
2024/7/10
ᠵᠠᠩᠭᠠᠨᠤᠷᠪᠤ                          ᠳᠡᠪᠢᠨ ᠳᠤᠯᠤᠭᠠᠨ ᠮᠢᠨᠥ ᠰᠢᠯᠥᠭ      ᠳᠠᠪᠢᠯᠠᠩ ᠢᠶᠠᠷ ᠤᠴᠠᠷᠠᠭᠰᠠᠨ ᠢᠷᠠᠭᠤ ᠨᠠᠶᠢᠷᠠᠭ      ᠠᠮᠢᠳᠤᠷᠠᠯ ᠰᠢᠬᠠᠭᠰᠠᠨ ᠤᠨ ᠰᠠᠷ᠎ᠠ ᠤᠳ ᠲᠤ      ᠪᠢ ᠴᠢᠮᠠᠳᠤ ᠪᠠᠭᠰᠢ ᠭᠡᠵᠥ ᠳᠤᠬᠢᠶᠠᠭᠰᠠᠨ      ᠠᠵᠠ ᠳᠤᠰᠤᠭᠰᠠᠨ ᠡᠳᠥᠷ ᠮᠥᠴᠠ ᠤᠳ ᠲᠤ      ᠴᠢ ᠨᠠᠳᠠ ᠰᠤᠷᠤᠭᠴᠢ ᠭᠡᠵᠥ ᠤᠴᠠᠷᠠᠭᠰᠠᠨ      ᠮᠢᠨᠥ ᠰᠤᠷᠤᠭᠴᠢ᠂ ᠳᠡᠪᠢᠨ ᠳᠤᠯᠤᠭᠠᠨ ᠡᠭᠡ ᠬᠠᠭᠤᠷᠠᠢ      ᠮᠢᠨᠥ ᠰᠤᠷᠤᠭᠴᠢ᠂ ᠳᠡᠪᠢᠨ ᠳᠤᠯᠤᠭᠠᠨ ᠭᠠᠯᠳᠤ ᠠᠭᠤᠯᠠ      ᠢᠷᠤᠭᠡᠯ ᠰᠠᠨᠠᠭᠰᠠᠨ ᠭᠠᠰᠢᠭᠤᠨ ᠨᠢᠯᠪᠤᠰᠤ ᠪᠠᠨ      ᠵᠠᠮ ᠳᠤᠷᠰᠢᠳᠠ ᠪᠠᠨ ᠳᠠᠭᠤᠯᠠᠵᠥ ᠢᠷᠡᠭᠰᠡᠨ      ᠢᠳᠡᠭᠡᠯ ᠡᠷᠬᠦᠭᠰᠡᠨ ᠪᠤᠯᠪᠠᠷᠠᠢ ᠭᠠᠷ ᠢᠶᠠᠨ      ᠵᠢᠭᠠᠭᠳᠠᠬᠤ ᠳᠤᠰᠤᠮ ᠢᠶᠠᠨ ᠳᠠᠪᠳᠠᠵᠥ ᠶᠠᠪᠤᠭᠰᠠᠨ      ᠮᠢᠨᠥ ᠳᠡᠪᠢᠨ ᠳᠤᠯᠤᠭᠠᠨ ᠢᠳᠡᠭᠡᠯ      ᠮᠢᠨᠥ ᠳᠡᠪᠢᠨ ᠳᠤᠯᠤᠭᠠᠨ ᠤᠶᠢᠯᠡᠰ      ᠪᠢ ᠴᠢᠮᠠᠳᠤ ᠥᠰᠥᠭ ᠤᠨ ᠥᠷᠢ ᠲᠠᠢ      ᠴᠢ ᠨᠠᠳᠠ ᠰᠢᠯᠥᠭ ᠤᠨ ᠥᠭᠴᠡᠭᠡ ᠲᠠᠢ      ᠮᠢᠨᠥ ᠳᠡᠪᠢᠨ ᠳᠤᠯᠤᠭᠠᠨ ᠤᠩᠭᠤᠳ ᠰᠠᠳᠠᠷ      ᠮᠢᠨᠥ ᠳᠡᠪᠢᠨ ᠳᠤᠯᠤᠭᠠᠨ ᠠᠮᠢᠳᠥ ᠪᠤᠷᠬᠠᠨ      ᠨᠤᠳᠤᠭ ᠢᠶᠠᠨ ᠰᠠᠨᠠᠵᠥ      ᠨᠤᠭᠳᠤ ᠪᠠᠨ ᠠᠯᠳᠠᠭᠰᠠᠨ ᠭᠡᠨᠡᠨ ᠵᠤᠷᠴᠢᠯ      ᠳᠡᠩᠭᠡᠭᠡ ᠰᠤᠶᠢᠵᠥ      ᠳᠡᠨᠡᠭ ᠢᠶᠠᠨ ᠢᠷᠯᠡᠭᠰᠡᠨ ᠰᠤᠨᠢᠨ ᠭᠡᠶᠢᠷᠭᠡᠯ      ᠮᠢᠨᠥ ᠳᠡᠪᠢᠨ ᠳᠤᠯᠤᠭᠠᠨ ᠭᠡᠯᠳᠡᠭᠡᠢ ᠢᠷᠠᠭᠤ ᠨᠠᠶᠢᠷᠠᠭ      ᠮᠢᠨᠥ ᠳᠡᠪᠢᠨ ᠳᠤᠯᠤᠭᠠᠨ ᠬᠡᠯᠡᠬᠦ ᠥᠭᠡᠢ ᠢᠨᠠᠭ ᠥᠭᠡᠰ      ᠬᠠᠯᠠ ᠬᠤᠷᠮᠤᠶᠢᠯᠠᠵᠥ      ᠢᠷᠡᠭᠡᠳᠥᠢ ᠲᠠᠢ ᠴᠢ ᠭᠡᠷ᠎ᠠ ᠵᠢᠷᠤᠨᠠᠮ      ᠬᠠᠶᠢᠷ᠎ᠠ ᠠᠭᠤᠳᠠᠯᠠᠵᠥ      ᠠᠮᠢᠳᠤᠷᠠᠯ ᠲᠠᠢ ᠴᠢ ᠪᠤᠯᠵᠤᠭ᠎ᠠ ᠳᠤᠭᠳᠠᠨᠠᠮ      ᠨᠢᠯᠪᠤᠰᠤ ᠪᠠᠨ ᠴᠢᠯᠠᠭᠡᠵᠥ      ᠠᠭᠤᠵᠢᠷᠠᠳᠠᠯ᠎ᠠ ᠳᠠᠭᠤᠯᠠᠭᠰᠠᠨ ︽ᠪᠤᠭᠤᠷᠤᠯ ᠬᠤᠷᠸ᠎ᠠ︾ ᠴᠢᠨᠢ      ᠨᠢᠭᠤᠴᠠ ᠪᠠᠨ ᠴᠤᠭᠤᠯᠬᠤ ᠠᠴᠠ      ᠠᠶᠤᠵᠥ ᠪᠢᠴᠢᠳᠡᠭ ᠥᠭᠡᠢ ᠰᠢᠪᠡᠨᠡᠭᠡᠨ ᠥᠭᠡᠰ ᠴᠢᠨᠢ      ᠮᠢᠨᠥ ᠳᠡᠪᠢᠨ ᠳᠤᠯᠤᠭᠠᠨ ᠬᠤᠷᠴᠠ ᠪᠢᠯᠢᠭ      ᠮᠢᠨᠥ ᠳᠡᠪᠢᠨ ᠳᠤᠯᠤᠭᠠᠨ ᠠᠵᠠ ᠵᠢᠷᠭᠠᠯ      ᠡᠳᠤᠷ ᠡᠳᠤᠷ ᠳᠡᠯᠡᠭᠡᠢ ᠡᠷᠬᠦᠵᠥ ᠪᠤᠰᠤᠨᠠᠮ      ᠰᠠᠷ᠎ᠠ ᠰᠠᠷ᠎ᠠ ᠳᠡᠭᠷᠢ ᠳᠤᠯᠵᠥ ᠤᠷᠭᠤᠨᠠᠮ      ᠮᠢᠨᠥ ᠳᠡᠪᠢᠨ ᠳᠤᠯᠤᠭᠠᠨ ᠢᠷᠡᠬᠦ ᠥᠭᠡᠢ ᠰᠤᠯᠤᠩᠭ᠎ᠠ      ᠮᠢᠨᠥ ᠳᠡᠪᠢᠨ ᠳᠤᠯᠤᠭᠠᠨ ᠢᠷᠠᠭᠤ ᠠᠯᠳᠠᠷ ᠤᠨ ᠰᠢᠯᠥᠭ      ᠴᠢ ᠳᠠᠷᠬᠠᠵᠥ ᠤᠳᠪᠠᠴᠤ      ᠴᠢ ᠳᠠᠯᠬᠢᠭᠳᠠᠵᠥ ᠪᠤᠭᠤᠭᠳᠠᠬᠤ ᠥᠭᠡᠢ      ᠭᠤᠷᠪᠠᠨ ᠵᠢᠯ ᠳᠡᠰᠤᠷᠠᠬᠤ ᠶᠢ ᠬᠥᠯᠢᠶᠡᠭᠰᠡᠨ ᠮᠢᠨ᠎ᠠ ᠪᠤᠶᠤ ᠳᠠᠨᠠᠷ      ᠭᠤᠷᠪᠠᠨ ᠵᠠᠭᠤᠨ ᠵᠢᠯ ᠳᠡᠯᠡᠭᠡᠢ ᠳᠤ ᠠᠯᠳᠠᠷᠰᠢᠬᠤ ᠰᠥᠵᠥᠭ ᠪᠤᠶᠤ ᠳᠠᠨᠠᠷ      ᠴᠢᠨᠥ ᠳᠡᠪᠢᠨ ᠳᠤᠯᠤᠭᠠᠨ ᠨᠥᠬᠦᠳ      ᠮᠢᠨᠥ ᠮᠥᠩᠭᠡ ᠤᠩᠰᠢᠬᠤ ᠰᠢᠯᠥᠭ      ᠴᠢᠨᠥ ᠠᠷᠪᠠᠨ ᠨᠠᠶᠢᠮᠠᠨ ᠨᠠᠰᠤ      ᠮᠢᠨᠥ ᠳᠠᠭᠤᠳᠠᠵᠥ ᠶᠠᠪᠤᠬᠤ ᠬᠠᠶᠢᠷ᠎ᠠ      ᠳᠡᠪᠢᠨ ᠳᠤᠯᠤᠭᠠᠨ ᠮᠢᠨᠥ ᠰᠤᠷᠤᠭᠴᠢ      ᠴᠡᠴᠡᠭ ᠡᠪᠤᠷᠯᠡᠭᠰᠡᠨ ᠪᠥᠳᠤᠭᠡᠯ ᠳᠠᠯ᠎ᠠ ᠳᠤ ᠳᠡᠯᠭᠡᠷᠡᠨᠡᠮ      ᠳᠡᠪᠢᠨ ᠳᠤᠯᠤᠭᠠᠨ ᠮᠢᠨᠥ ᠨᠥᠭᠦᠳ      ᠴᠠᠩᠭᠡᠯ ᠬᠤᠷᠤᠶᠢᠯᠠᠭᠰᠠᠨ ᠢᠷᠡᠭᠡᠳᠤᠢ ᠳᠠᠨ ᠤ ᠳᠤ ᠤᠴᠢᠨᠠᠮ      ᠳᠡᠪᠢᠨ ᠳᠤᠯᠤᠭᠠᠨ ᠮᠢᠨᠥ ᠰᠤᠷᠤᠭᠴᠢ      ᠳᠡᠪᠢᠨ ᠳᠤᠯᠤᠭᠠᠨ ᠮᠥᠩᠭᠡ ᠳᠡᠭᠷᠢ      ᠳᠡᠪᠢᠨ ᠳᠤᠯᠤᠭᠠᠨ ᠬᠠᠶᠢᠷ᠎ᠠ ᠨᠠᠮᠠᠶᠢᠢ ᠢᠪᠡᠭᠡᠨᠡᠮ      ᠳᠡᠪᠢᠨ ᠳᠤᠯᠤᠭᠠᠨ ᠰᠢᠯᠥᠭ ᠨᠠᠷᠠ ᠲᠠᠢ ᠵᠤᠯᠭᠠᠨᠠᠮ᠃
 
ᠢᠷᠡᠯᠲᠡ᠄ ᠠᠯᠠᠱᠠ ᠵᠡᠭᠦᠨ ᠬᠤᠰᠢᠭᠤᠨ ᠤ ᠵᠠᠰᠠᠭ ᠤᠨ ᠣᠷᠳᠣᠨ ᠤ ᠮᠣᠩᠭᠤᠯ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号