﹇ᠤᠷᠠᠨ ᠵᠣᠬᠢᠶᠠᠯ﹈ ᠡᠵᠢ ᠮᠢᠨᠢ
ᠨᠡᠶᠢᠲᠡᠯᠡᠭᠰᠡᠨ ᠴᠠᠭ᠄
2024/7/10
ᠵᠠᠩᠭᠠᠨᠤᠷᠪᠤ                        ᠪᠤᠳᠤᠯ ᠳᠤ ᠪᠠᠭᠳᠠᠬᠤ ᠥᠭᠡᠢ ᠬᠥᠤ ᠴᠢᠨᠢ      ᠪᠤᠷᠤ ᠭᠡᠷ ᠠᠴᠠ ᠪᠠᠨ ᠳᠡᠷᠪᠢᠬᠦ ᠳᠤ      ᠪᠤᠳᠠᠨ ᠤ ᠳᠠᠤᠯᠠᠢ ᠴᠤ ᠪᠤᠯᠤᠭᠠᠳ      ᠨᠢᠭᠤᠴᠠᠮᠠᠷ ᠬᠤᠴᠣᠷᠤᠭᠰᠠᠨ ᠡᠵᠢ ᠮᠢᠨᠢ       ᠰᠠᠨᠠᠭ᠎ᠠ ᠰᠡᠳᠬᠢᠯ ᠢ ᠴᠢᠨᠢ ᠳᠡᠭᠰᠢᠯᠡᠬᠦ       ᠰᠠᠶᠢᠬᠠᠨ ᠬᠥᠤ ᠴᠢᠨᠢ ᠢᠷᠡᠯ᠎ᠠ       ᠰᠠᠨᠠᠭᠰᠠᠨ ᠥᠭᠡ ᠪᠠᠨ ᠭᠡᠯᠡᠯ ᠳ᠋ᠠ       ᠰᠠᠶᠢᠬᠠᠨ ᠴᠠᠢ ᠪᠠᠨ ᠰᠠᠮᠤᠷᠠ ᠳ᠋ᠠ      ᠰᠠᠶᠢᠬᠠᠨ ᠴᠠᠢ ᠶᠢ ᠴᠢᠨᠢ ᠤᠤᠭᠤᠴᠠᠯ ᠥᠭᠡᠢ      ᠰᠠᠨᠠᠭᠰᠠᠨ ᠠᠵᠢᠯ ᠳᠤ ᠪᠠᠨ ᠵᠢᠳᠬᠦᠬᠦ ᠳᠤ      ᠱᠠᠭᠠᠵᠠᠭᠠᠢ ᠰᠢᠪᠠᠭᠤ ᠴᠤ ᠪᠤᠯᠤᠭᠠᠳ      ᠳᠠᠭᠠᠴᠢᠮᠠᠷ ᠬᠤᠴᠤᠷᠤᠭᠰᠠᠨ ᠡᠵᠢ ᠮᠢᠨᠢ      ᠰᠠᠨᠠᠭ᠎ᠠ ᠰᠡᠳᠬᠢᠯ ᠢ ᠴᠢᠨᠢ ᠳᠡᠭᠰᠢᠯᠡᠬᠦ      ᠰᠠᠶᠢᠬᠠᠨ ᠬᠥᠤ ᠴᠢᠨᠢ ᠢᠷᠡᠯ᠎ᠠ      ᠰᠠᠨᠠᠭᠰᠠᠨ ᠥᠭᠡ ᠪᠠᠨ ᠬᠡᠯᠠᠯ ᠳ᠋ᠠ      ᠰᠠᠶᠢᠬᠠᠨ ᠴᠠᠢ ᠪᠠᠨ ᠰᠠᠮᠤᠷᠠ ᠳ᠋ᠠ      ᠤᠯᠠᠨ ᠥᠭᠡ ᠶᠢ ᠴᠢᠨᠢ ᠴᠢᠩᠨᠠᠯ ᠥᠭᠡᠢ      ᠤᠪᠤᠭᠤᠷ ᠭᠡᠷ ᠲᠤ ᠪᠠᠨ ᠶᠠᠭᠠᠷᠠᠬᠤ ᠳᠤ      ᠤᠷᠤᠢ ᠶᠢᠨ ᠨᠠᠷᠠ ᠴᠤ ᠪᠤᠯᠤᠭᠠᠳ      ᠰᠢᠩᠬᠡᠴᠢᠮᠡᠷ ᠬᠤᠴᠤᠷᠤᠭᠰᠠᠨ ᠡᠵᠢ ᠮᠢᠨᠢ      ᠰᠠᠨᠠᠭ᠎ᠠ ᠰᠡᠳᠬᠢᠯ ᠢ ᠴᠢᠨᠢ ᠳᠡᠭᠰᠢᠯᠡᠬᠦ      ᠰᠠᠶᠢᠬᠠᠨ ᠬᠥᠤ ᠴᠢᠨᠢ ᠢᠷᠡᠯ᠎ᠠ      ᠰᠠᠨᠠᠭᠰᠠᠨ ᠥᠭᠡ ᠪᠠᠨ ᠬᠡᠯᠡᠯ ᠳ᠋ᠠ      ᠰᠠᠶᠢᠬᠠᠨ ᠴᠠᠢ ᠪᠠᠨ ᠰᠠᠮᠤᠷᠠ ᠳ᠋ᠠ      
 
ᠢᠷᠡᠯᠲᠡ᠄ ᠠᠯᠠᠱᠠ ᠵᠡᠭᠦᠨ ᠬᠤᠰᠢᠭᠤᠨ ᠤ ᠵᠠᠰᠠᠭ ᠤᠨ ᠣᠷᠳᠣᠨ ᠤ ᠮᠣᠩᠭᠤᠯ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号