﹇ᠤᠷᠠᠨ ᠵᠣᠬᠢᠶᠠᠯ﹈ ᠡᠬᠡ ᠤᠷᠤᠨ ᠪᠢᠳᠠ ᠬᠤᠶᠠᠭᠤᠯᠠ
ᠨᠡᠶᠢᠲᠡᠯᠡᠭᠰᠡᠨ ᠴᠠᠭ᠄
2024/7/10
ᠵᠠᠩᠭᠠᠨᠤᠷᠪᠤ      ᠡᠭᠡ ᠤᠷᠤᠨ ᠭᠡᠵᠥ ᠮᠢᠨᠥ ᠳᠥᠯᠥᠭᠡ      ᠥᠷᠡᠭᠳᠡᠵᠥ ᠤᠨᠠᠭᠰᠠᠨ ᠥᠭᠡᠷ᠎ᠠ ᠬᠥᠮᠤᠨ ᠤ ᠨᠡᠷ᠎ᠠ      ᠡᠭᠡ ᠤᠷᠤᠨ ᠭᠡᠵᠥ ᠮᠢᠨᠥ ᠳᠥᠯᠥᠭᠡ      ᠳᠤᠭᠳᠤᠯᠵᠥ ᠶᠠᠪᠤᠭᠰᠠᠨ ᠥᠷᠥᠭᠡᠯ ᠨᠥᠬᠦᠷ ᠤᠨ ᠬᠠᠶᠢᠷ᠎ᠠ      ᠡᠭᠡ ᠤᠷᠤᠨ ᠭᠡᠵᠥ ᠮᠢᠨᠥ ᠳᠥᠯᠥᠭᠡ      ᠬᠤᠮᠠᠯ ᠳᠡᠭᠡᠷ᠎ᠠ ᠰᠠᠭᠤᠭᠰᠠᠨ ᠬᠤᠨᠢᠩᠬᠠᠢ ᠪᠢᠯᠵᠤᠤᠬᠠᠢ ᠶᠢᠨ ᠳᠠᠭᠤᠯᠠᠯ      ᠡᠭᠡ ᠤᠷᠤᠨ ᠭᠡᠵᠥ ᠮᠢᠨᠥ ᠳᠥᠯᠥᠭᠡ      ᠡᠳᠥᠷ ᠪᠥᠷᠢ ᠬᠠᠰᠬᠢᠷᠬᠤ ᠡᠯᠡᠰᠤᠨ ᠰᠢᠭᠤᠷᠭ᠎ᠠ ᠶᠢᠨ ᠳᠡᠯᠴᠢᠯᠠᠯ      ᠡᠭᠡ ᠤᠷᠤᠨ ᠭᠡᠵᠥ ᠮᠢᠨᠥ ᠵᠢᠷᠥᠭᠡᠨ ᠳᠤ      ᠰᠢᠷᠭᠤᠯᠵᠢ ᠶᠢᠨ ᠵᠥᠭᠡᠭᠡᠵᠥ ᠶᠠᠪᠤᠭᠰᠠᠨ ᠮᠥᠬᠦᠯᠢᠭ ᠰᠢᠷᠤᠢ      ᠡᠭᠡ ᠤᠷᠤᠨ ᠭᠡᠵᠥ ᠮᠢᠨᠥ ᠬᠥᠷᠤᠩᠭᠡᠨ ᠳᠤ      ᠵᠥᠭᠡᠢ ᠶᠢᠨ ᠬᠥᠷᠭᠡᠵᠥ ᠢᠷᠡᠭᠰᠡᠨ ᠴᠡᠭ ᠳᠤᠭᠤᠰᠤ      ᠡᠭᠡ ᠤᠷᠤᠨ ᠭᠡᠵᠥ ᠮᠢᠨᠥ ᠭᠡᠯᠡᠨ ᠳᠤ      ᠭᠠᠰᠢᠭᠤᠨ ᠠᠮᠳᠠᠭᠳᠠᠭᠰᠠᠨ ᠡᠪᠡᠰᠤᠨ ᠤ ᠥᠨᠳᠤᠰᠤ      ᠡᠭᠡ ᠤᠷᠤᠨ ᠭᠡᠵᠥ ᠮᠢᠨᠥ ᠮᠢᠬᠠᠨ ᠳᠤ      ᠭᠠᠯ ᠢᠶᠠᠷ ᠰᠢᠳᠠᠭᠰᠠᠨ ᠥᠭᠢᠷᠡᠭᠡᠢ ᠥᠷᠭᠡᠰᠤ      ᠡᠭᠡ ᠤᠷᠤᠨ ᠭᠡᠵᠥ ᠨᠠᠮ᠎ᠠ ᠲᠠᠢ ᠭᠡᠰᠡᠨ ᠥᠭᠡ      ᠡᠭᠡ ᠤᠷᠤᠨ ᠭᠡᠵᠥ ᠡᠭᠡ ᠤᠷᠤᠨ ᠪᠢᠳᠡ ᠬᠤᠶᠠᠭᠤᠯᠠ      ᠡᠯᠢᠭᠡ ᠪᠠᠨ ᠨᠡᠭᠡᠭᠡᠵᠥ ᠪᠥᠳᠥᠭᠰᠡᠨ ᠪᠤᠷᠴᠠᠭ ᠤᠨ ᠬᠤᠶᠠᠷ ᠳᠠᠯ᠎ᠠ      ᠡᠭᠡ ᠤᠷᠤᠨ ᠭᠡᠵᠥ ᠨᠠᠷᠠ ᠲᠠᠢ᠂ ᠠᠭᠠᠷ ᠲᠠᠢ᠂ ᠤᠰᠤ ᠲᠠᠢ ᠭᠡᠰᠡᠨ ᠥᠭᠡ ᠡ︕      ᠴᠡᠴᠡᠭ ᠠᠴᠠ ᠮᠢᠨᠢ ᠳᠡᠷᠡ ᠨᠡᠷ᠎ᠠ ᠪᠠᠨ ᠭᠠᠶᠢᠬᠠᠭᠤᠯᠤᠨ᠎ᠠ      ᠴᠠᠩᠭᠡᠯ ᠠᠴᠠ ᠮᠢᠨᠢ ᠳᠡᠷᠡ ᠵᠢᠷᠭᠠᠯ ᠤᠨ ᠠᠮᠳᠠᠨ ᠳᠤ ᠰᠤᠭᠳᠤᠭᠤᠷᠠᠨ᠎ᠠ᠃      ᠴᠠᠩᠭᠡᠷ ᠠᠭᠠᠷ ᠲᠤ ᠳᠤᠷ᠎ᠠ ᠪᠠᠷ ᠴᠠᠷᠪᠢᠬᠤ ᠪᠥᠷᠬᠦᠳ      ᠴᠢᠨᠥ ᠬᠠᠶᠢᠷᠠᠳᠠᠢ ᠵᠢᠬᠦᠷ ᠤᠨ ᠴᠢᠨᠢ ᠰᠥᠷ ᠨᠢ ᠪᠢᠯᠡ ᠪᠢ︕      ᠡᠭᠡ ᠤᠷᠤᠨ ᠤ ᠪᠠᠯᠠᠷ ᠬᠠᠷᠠᠩᠭᠤᠢ ᠨᠢ ᠪᠢ      ᠡᠭᠡ ᠤᠷᠤᠨ ᠤ ᠪᠠᠯᠠᠢ ᠮᠤᠩᠬᠠᠭ ᠤᠶᠤᠨ ᠤᠬᠠᠭᠠᠨ ᠨᠢ ᠪᠢ      ᠡᠭᠡ ᠤᠷᠤᠨ ᠤ ᠪᠠᠷᠠᠭᠳᠠᠵᠥ ᠳᠤᠨᠳᠠᠷᠠᠰᠢ ᠥᠭᠡᠢ ᠥᠪ ᠬᠥᠷᠥᠩᠬᠡ ᠨᠢ ᠪᠢ      ᠡᠭᠡ ᠤᠷᠤᠨ ᠤ ᠪᠠᠷᠢᠭᠳᠠᠵᠥ ᠬᠤᠷᠢᠭᠳᠠᠰᠢ ᠥᠭᠡᠢ ᠬᠥᠰᠡᠯ ᠵᠡᠷᠭᠡᠯᠭᠡ ᠨᠢ ᠪᠢ      ᠡᠭᠡ ᠤᠷᠤᠨ ᠮᠢᠨᠥ ᠳᠥᠯᠥᠭᠡ ᠪᠠᠶᠠᠷᠯᠠᠵᠥ      ᠡᠭᠡ ᠤᠷᠤᠨ ᠤ ᠳᠥᠯᠥᠭᠡ ᠶᠠᠳᠠᠭᠤᠷᠠᠨ᠎ᠠ ᠪᠢ      ᠡᠭᠡ ᠤᠷᠤᠨ ᠤ ᠨᠠᠷᠠ ᠮᠢᠨᠥ ᠳᠥᠯᠥᠭᠡ ᠮᠠᠨᠳᠤᠵᠥ      ᠡᠭᠡ ᠤᠷᠤᠨ ᠤ ᠳᠡᠭᠷᠢ ᠨᠢ ᠪᠤᠯᠵᠥ ᠭᠡᠶᠢᠨ᠎ᠠ ᠪᠢ᠃      ᠡᠭᠡ ᠤᠷᠤᠨ ᠭᠡᠵᠥ ᠡᠭᠡ ᠤᠷᠤᠨ ᠪᠢᠳᠠ ᠬᠤᠶᠠᠭᠤᠯᠠ      ᠡᠴᠢᠭᠡ ᠬᠥᠤ ᠶᠢᠨ ᠪᠠᠷᠢᠵᠥ ᠶᠠᠪᠤᠭᠰᠠᠨ ᠡᠰᠢ ᠳᠤᠭ ᠭᠡᠰᠡᠨ ᠥᠭᠡ      ᠡᠰᠢ ᠨᠢ ᠪᠢ᠂ ᠳᠤᠭ ᠨᠢ ᠳᠡᠷᠡ᠂ ᠪᠠᠳᠤ ᠪᠠᠷᠢᠯᠳᠤᠯᠭ᠎ᠠ ᠲᠠᠢ      ᠡᠷᠡᠨ ᠵᠠᠭᠤᠨ ᠤ ᠰᠠᠨᠰᠠᠷ ᠲᠤ ᠨᠢᠰᠬᠦ ᠬᠡᠶᠢᠮᠤᠷᠢ      ᠡᠭᠡ ᠤᠷᠤᠨ ᠭᠡᠵᠥ ᠡᠭᠡ ᠤᠷᠤᠨ ᠪᠢᠳᠡ ᠬᠤᠶᠠᠭᠤᠯᠠ      ᠡᠯᠪᠡᠭ ᠠᠭᠤᠷᠬᠠᠢ᠂ ᠳᠠᠩᠰᠤᠭ ᠪᠡᠯᠴᠢᠭᠡᠷ᠂ ᠡᠷᠴᠢᠳᠥ ᠬᠥᠳᠡᠯᠮᠤᠷᠢ ᠭᠡᠰᠡᠨ ᠥᠭᠡ      ᠡᠭᠡ ᠤᠷᠤᠨ ᠭᠡᠵᠥ ᠡᠭᠡ ᠤᠷᠤᠨ ᠪᠢᠳᠠ ᠬᠤᠶᠠᠭᠤᠯᠠ      ᠡᠩᠭᠡ ᠳᠠᠶᠢᠪᠤᠩ᠂ ᠡᠷᠭᠡ ᠴᠢᠯᠥᠭᠡ᠂ ᠡᠶᠡᠳᠡᠢ ᠵᠢᠷᠭᠠᠯ ᠭᠡᠰᠡᠨ ᠥᠭᠡ      ᠡᠭᠡ ᠤᠷᠤᠨ ᠭᠡᠵᠥ ᠡᠭᠡ ᠤᠷᠤᠨ ᠪᠢᠳᠠ ᠬᠤᠶᠠᠭᠤᠯᠠ      ᠡᠨᠡ ᠪᠥᠬᠦᠨ ᠤ ᠳᠡᠭᠡᠵᠢ᠂ ᠬᠠᠶᠢᠷ᠎ᠠ ᠳᠤᠷᠠᠯᠠᠯ᠂ ᠬᠠᠷᠢᠴᠠᠭ᠎ᠠ ᠶᠠᠰᠤ᠂ ᠬᠠᠷ᠎ᠠ ᠠᠮᠢ ᠭᠡᠰᠡᠨ ᠥᠭᠡ ᠡ︕
 
ᠢᠷᠡᠯᠲᠡ᠄ ᠠᠯᠠᠱᠠ ᠵᠡᠭᠦᠨ ᠬᠤᠰᠢᠭᠤᠨ ᠤ ᠵᠠᠰᠠᠭ ᠤᠨ ᠣᠷᠳᠣᠨ ᠤ ᠮᠣᠩᠭᠤᠯ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号