﹇ᠤᠷᠠᠨ ᠵᠣᠬᠢᠶᠠᠯ﹈ ᠠᠩᠬᠠᠨ ᠤ ᠡᠨᠡ ᠬᠠᠭᠤᠳᠠᠰᠤ
ᠨᠡᠶᠢᠲᠡᠯᠡᠭᠰᠡᠨ ᠴᠠᠭ᠄
2024/7/10
ᠵᠠᠩᠭᠠᠨᠤᠷᠪᠤ                ᠠᠩᠬᠠᠨ ᠤ ᠡᠨᠡ ᠬᠠᠭᠤᠳᠠᠰᠤ ᠶᠢ      ᠠᠶᠠᠷᠬᠠᠨ ᠴᠢ ᠮᠢᠨᠢ ᠳᠡᠯᠬᠡᠬᠦ ᠳᠤ      ᠠᠪᠴᠤ ᠶᠠᠪᠤᠭᠰᠠᠨ ᠬᠠᠶ᠋ᠢᠭ ᠠᠴᠠ ᠴᠢᠨᠢ      ᠠᠯᠤᠰ ᠵᠠᠭᠤᠨ ᠬᠤᠯᠠᠳᠠᠨ᠎ᠠ      ᠡᠷᠬᠢᠬᠦ ᠪᠤᠯᠤᠩ ᠤᠨ ᠥᠨᠴᠥᠭ ᠲᠤ      ᠡᠩᠰᠡᠷᠭᠡᠨ ᠰᠠᠯᠬᠢ ᠲᠠᠢ ᠪᠤᠰᠬᠠᠵᠥ      ᠡᠶ᠎ᠡ ᠨᠠᠶᠢᠷᠠᠭ ᠤᠨ ᠨᠠᠷᠠᠨ ᠢ      ᠡᠪᠤᠷᠯᠡᠵᠥ ᠰᠥᠨᠢᠵᠢᠨ ᠭᠡᠪᠳᠡᠨ᠎ᠠ      ᠡᠩ ᠬᠤᠷᠸ᠎ᠠ ᠳᠤ ᠤᠨᠵᠢᠭᠰᠡᠨ      ᠡᠬᠡᠵᠥ ᠢᠷᠡᠬᠦ ᠥᠭᠡᠢ ᠰᠡᠳᠬᠢᠯ ᠴᠢᠨᠢ      ᠡᠮᠳᠡᠷᠭᠡᠢ ᠪᠠᠯᠠᠷᠯᠢᠭ ᠰᠢᠭᠤᠢ ᠳᠤ      ᠡᠩᠭᠡ ᠶᠢᠨ ᠰᠤᠮᠤᠨ ᠠᠴᠠ ᠵᠡᠬᠦᠭᠳᠡᠨ᠎ᠠ᠃      ᠴᠢ ᠮᠢᠨᠢ ᠡᠨᠡ ᠬᠠᠭᠤᠳᠠᠰᠤ ᠶᠢ      ᠴᠡᠪᠡᠷᠭᠡᠨ ᠡᠷᠬᠢᠬᠦᠯᠵᠥ ᠥᠵᠡ      ᠴᠡᠩᠬᠡᠯ ᠵᠢᠷᠭᠠᠯ ᠤᠨ ᠪᠤᠳᠢ      ᠴᠢᠯᠡᠬᠦ ᠨᠤᠶᠢᠷ ᠤᠨ ᠰᠤᠷᠠᠭ      ᠡᠪᠤᠷ ᠠᠴᠠ ᠪᠠᠨ ᠨᠠᠮᠠᠶᠢᠢ ᠭᠡᠵᠢᠶᠠᠳᠠ      ᠥᠨᠥᠴᠢᠨ ᠭᠠᠷᠭᠠᠵᠥ ᠥᠵᠡᠬᠦᠯᠥᠨ᠎ᠠ      ᠥᠩᠬᠡᠷᠡᠵᠥ ᠤᠳᠤᠭᠰᠠᠨ ᠴᠢᠨᠥ      ᠥᠪ ᠪᠤᠯᠭᠠᠵᠥ ᠭᠠᠶᠢᠬᠠᠭᠤᠯᠤᠨ᠎ᠠ᠃      ᠠᠩᠬᠠᠨ ᠤ ᠡᠨᠡ ᠬᠠᠭᠤᠳᠠᠰᠤ ᠶᠢ      ᠠᠬᠢᠭᠠᠳ ᠴᠢ ᠮᠢᠨᠢ ᠳᠡᠮᠳᠡᠷᠢᠬᠦ ᠳᠤ      ᠡᠷᠡᠭᠳᠡᠵᠥ ᠤᠳᠠᠭᠰᠠᠨ ᠥᠨᠡᠭᠡᠨ ᠤ      ᠡᠯᠢᠭᠡᠨ ᠰᠤᠷ ᠬᠢᠯᠠᠯᠵᠠᠨ᠎ᠠ      ᠡᠯᠢᠶ᠎ᠠ᠂ ᠬᠡᠷᠢᠶ᠎ᠠ᠂ ᠭᠠᠯᠠᠭᠤ ᠭᠤᠷᠪᠠ ᠶᠢᠨ      ᠡᠯᠳᠡᠪ ᠳᠤᠮᠤᠭ ᠰᠢᠪᠡᠨᠠᠨ᠎ᠠ      ᠠᠩᠬᠠᠨ ᠤ ᠡᠨᠡ ᠨᠢᠭᠤᠷ ᠢ      ᠠᠶᠠᠷᠬᠠᠨ ᠴᠢ ᠮᠢᠨᠢ ᠬᠤᠮᠪᠢᠬᠤ ᠳᠤ      ᠠᠮᠢᠳᠤᠷᠠᠯ ᠤᠨ ᠪᠥᠬᠦ ᠥᠯᠢᠭᠡᠷ ᠤᠳ      ᠠᠯᠤᠰ ᠵᠠᠭᠤᠨ ᠳᠤ ᠮᠤᠷᠳᠠᠨ᠎ᠠ      ᠠᠮᠠᠷᠠᠭ ᠥᠷᠤᠭᠡᠰᠤᠨ ᠠᠷᠢᠶᠠᠳᠠᠨ ᠤ      ᠠᠷᠬᠢᠷᠠᠬᠤ ᠳᠠᠭᠤᠨ ᠳᠤᠭᠤᠯᠳᠠᠨ᠎ᠠ      ᠠᠩᠭᠠᠷᠠᠭ ᠥᠭᠡᠳᠡ ᠰᠤᠨᠤᠭᠰᠠᠨ      ᠠᠮᠢ ᠪᠥᠬᠦᠨ ᠡᠷᠡᠭᠳᠡᠨ᠎ᠠ᠃
 
ᠢᠷᠡᠯᠲᠡ᠄ ᠠᠯᠠᠱᠠ ᠵᠡᠭᠦᠨ ᠬᠤᠰᠢᠭᠤᠨ ᠤ ᠵᠠᠰᠠᠭ ᠤᠨ ᠣᠷᠳᠣᠨ ᠤ ᠮᠣᠩᠭᠤᠯ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号