﹇ᠤᠷᠠᠨ ᠵᠣᠬᠢᠶᠠᠯ﹈ ᠳᠠᠯᠠᠨ ᠳᠥᠷᠥᠬᠦᠨ ᠬᠤᠷᠤᠬᠠᠢ ᠴᠢᠬᠢᠶᠠᠰᠤ ᠤᠷᠤᠰᠢᠪᠡᠢ
ᠨᠡᠶᠢᠲᠡᠯᠡᠭᠰᠡᠨ ᠴᠠᠭ᠄
2024/7/10
  ᠵᠠᠩᠭᠠᠨᠤᠷᠪᠤ                  ᠱᠠᠳᠤ ᠳᠠᠯᠪᠢᠭᠠᠳ ᠮᠠᠴᠤᠳᠠᠭ ᠵᠡᠷᠭᠡᠨ ᠬᠤᠷᠤᠬᠠᠢ ᠴᠢᠬᠢᠶᠠᠰᠤ      ᠱᠠᠯᠳᠠᠩ ᠭᠤᠶ᠎ᠠ ᠮᠠᠭᠠᠵᠢᠳᠠᠭ ᠥᠩᠭᠡᠨ ᠬᠤᠷᠤᠬᠠᠢ ᠴᠢᠬᠢᠶᠠᠰᠤ      ᠱᠠᠯᠢᠨ ᠪᠥᠷᠢᠯᠭᠡᠵᠥ ᠵᠢᠷᠭᠠᠭᠴᠢ ᠳᠠᠷᠤᠭ᠎ᠠ ᠬᠤᠷᠤᠬᠠᠢ ᠴᠢᠭᠢᠶᠠᠰᠤ      ᠱᠠᠯᠴᠢᠭ ᠯᠠᠢ ᠤᠳᠤᠭᠴᠢ ᠥᠳᠥ ᠬᠤᠷᠤᠬᠠᠢ ᠴᠢᠭᠢᠶᠠᠰᠤ      ᠤᠯᠵᠠᠨ ᠳᠤ ᠰᠢᠨᠤᠨ ᠵᠢᠷᠤᠭᠠᠯᠠᠭᠴᠢ ᠵᠢᠪᠡᠯᠡᠬᠦᠷ ᠬᠤᠷᠤᠬᠠᠢ ᠴᠢᠬᠢᠶᠠᠰᠤ      ᠤᠮᠤᠭ ᠰᠥᠷ ᠲᠤ ᠬᠥᠴᠥᠯᠡᠭᠴᠢ ᠳᠠᠭᠤᠳᠤ ᠬᠤᠷᠤᠬᠠᠢ ᠴᠢᠬᠢᠶᠠᠰᠣ      ᠤᠯᠠᠨ᠎ᠠ ᠳᠠᠭᠤᠷᠢᠰᠤᠬᠤᠢ ᠰᠠᠨᠠᠭᠠᠳᠤ ᠨᠠᠷ᠎ᠡ ᠬᠤᠷᠤᠬᠠᠢ ᠴᠢᠬᠢᠶᠠᠰᠤ      ᠤᠯᠠᠨ ᠳᠥᠮᠡᠨ ᠢ ᠳᠠᠷᠤᠯᠠᠬᠤ ᠳᠠᠰᠢᠭᠤᠷ ᠬᠤᠷᠤᠬᠠᠢ ᠴᠢᠬᠢᠶᠠᠰᠤ      ᠭᠠᠵᠢᠭᠤ ᠤᠪᠠᠳᠢᠰ ᠲᠤ ᠰᠢᠨᠤᠩᠭᠤᠢ ᠯᠠᠮᠠ ᠬᠤᠷᠤᠬᠠᠢ ᠴᠢᠬᠢᠶᠠᠰᠤ      ᠭᠠᠯᠠᠩ ᠱᠠᠭᠠᠵᠠᠩ ᠳᠤ ᠳᠤᠷᠠᠯᠠᠬᠤᠢ ᠬᠤᠪᠳᠤᠭ ᠬᠤᠷᠤᠬᠠᠢ ᠴᠢᠬᠢᠶᠠᠰᠤ      ᠭᠠᠳᠠᠭᠰᠢ ᠳᠤᠳᠤᠭᠰᠢ ᠬᠥᠶᠤᠯᠭᠡᠨ ᠫᠠᠨᠽᠠ ᠬᠤᠷᠤᠬᠠᠢ ᠴᠢᠬᠢᠶᠠᠰᠤ      ᠭᠠᠯ ᠳᠤᠭᠤᠰᠤ ᠳᠡᠭᠳᠡᠭᠡᠨ ᠳᠡᠪᠢᠬᠦᠷ ᠬᠤᠷᠤᠬᠠᠢ ᠴᠢᠭᠢᠶᠠᠰᠤ      ᠤᠯᠠᠢ ᠥᠵᠡᠪᠡᠯ ᠬᠤᠩᠬᠢᠢᠨ ᠬᠡᠷᠢᠶ᠎ᠠ ᠬᠤᠷᠤᠬᠠᠢ ᠴᠢᠬᠢᠶᠠᠰᠤ      ᠤᠯᠠᠭᠠᠨ ᠨᠤᠭᠤᠭᠠᠨ ᠢᠶᠠᠷ ᠬᠥᠷᠪᠡᠯᠵᠢᠨ ᠵᠤᠯᠪᠢᠩ ᠬᠤᠷᠤᠬᠠᠢ ᠴᠢᠭᠡᠶᠠᠰᠤ      ᠤᠳᠤᠮ ᠤᠭᠰᠠᠭ᠎ᠠ ᠪᠠᠨ ᠤᠮᠠᠷᠳᠠᠨ ᠵᠠᠯᠢᠬᠠᠢ ᠬᠤᠷᠤᠬᠠᠢ ᠴᠢᠬᠢᠶᠠᠰᠤ      ᠤᠳᠬ᠎ᠠ ᠰᠤᠶᠤᠯ ᠢᠶᠠᠨ ᠭᠡᠭᠡᠨ ᠪᠡᠷᠢᠳ ᠤᠨ ᠬᠤᠷᠤᠬᠠᠢ ᠴᠢᠬᠢᠶᠠᠰᠤ      ᠭᠠᠵᠠᠷ ᠨᠤᠳᠤᠭ ᠪᠠᠨ ᠬᠤᠳᠠᠯᠳᠤᠨ ᠯᠠᠢ ᠬᠤᠷᠤᠬᠠᠢ ᠴᠢᠬᠢᠶᠠᠰᠤ      ᠭᠠᠩᠭᠠᠩ ᠪᠠᠶᠢᠭᠠᠯᠢ ᠶᠢ ᠥᠷᠤᠨ ᠯᠠᠭᠤ ᠬᠤᠷᠤᠬᠠᠢ ᠴᠢᠬᠢᠶᠠᠰᠤ      ᠭᠠᠷ ᠬᠥᠯ ᠢᠶᠠᠨ ᠰᠠᠷᠪᠠᠶᠢᠨ ᠠᠭᠠᠯᠵᠢ ᠬᠤᠷᠤᠬᠠᠢ ᠴᠢᠬᠢᠶᠠᠰᠤ      ᠭᠠᠢ ᠵᠤᠪᠠᠯᠠᠩ ᠬᠠᠶᠢᠨ ᠪᠠᠺᠲ᠋ᠧᠷᠢ ᠬᠤᠷᠤᠬᠠᠢ ᠴᠢᠬᠢᠶᠠᠰᠤ      ᠮᠤᠩᠭᠤᠯ ᠨᠡᠷ᠎ᠠ ᠪᠠᠨ ᠭᠤᠳᠤᠭᠠᠭᠴᠢ ᠴᠢᠪᠢᠯᠳᠤ ᠬᠤᠷᠤᠬᠠᠢ ᠴᠢᠬᠢᠶᠠᠰᠤ      ᠮᠤᠷᠢᠨ ᠰᠥᠯᠳᠠ ᠪᠠᠨ ᠥᠭᠡᠶᠢᠰᠭᠡᠭᠴᠢ ᠵᠠᠨᠤᠯᠳᠤ ᠬᠤᠷᠤᠬᠠᠢ ᠴᠢᠬᠢᠶᠠᠰᠤ      ᠮᠤᠯᠭᠤ ᠳᠠᠨᠡᠭ ᠳᠤ ᠪᠠᠨ ᠡᠷᠳᠥᠭᠴᠢ ᠠᠳᠤᠭᠤᠰᠤᠨ ᠬᠤᠷᠤᠬᠠᠢ ᠴᠢᠬᠢᠶᠠᠰᠤ      ᠮᠠᠭᠤ ᠰᠠᠶᠢᠨ ᠢ ᠳᠠᠨᠢᠬᠤ ᠥᠭᠡᠢ ᠬᠤᠤᠳᠤᠤ ᠬᠤᠷᠤᠬᠠᠢ ᠴᠢᠬᠢᠶᠠᠰᠤ      ᠪᠥᠯᠬᠦᠮᠳᠠᠯ ᠨᠢᠬᠳᠠᠷᠠᠯ ᠢ ᠥᠰᠢᠭᠴᠢ ᠵᠠᠳᠠᠷᠠᠯ ᠬᠤᠷᠤᠬᠠᠢ ᠴᠢᠬᠢᠶᠠᠰᠤ      ᠪᠥᠵᠢᠭ ᠳᠠᠭᠤᠤ ᠪᠠᠷ ᠳᠡᠪᠭᠡᠷᠥᠭᠴᠢ ᠭᠤᠳᠤᠷᠠᠩ ᠬᠤᠷᠤᠬᠠᠢ ᠴᠢᠬᠢᠶᠠᠰᠤ      ᠪᠥᠭᠡᠰᠤ ᠮᠠᠳᠤ ᠪᠠᠷ ᠠᠮᠢᠳᠤᠷᠠᠭᠴᠢ ᠰᠢᠮᠠᠬᠦᠷ ᠬᠤᠷᠤᠬᠠᠢ ᠴᠢᠬᠢᠶᠠᠰᠤ      ᠪᠥᠬᠦᠨ ᠢ ᠭᠤᠷᠢᠯᠠᠨ ᠬᠠᠮᠤᠷᠤᠭᠴᠢ ᠬᠤᠬᠢᠮᠠᠢ ᠬᠤᠷᠤᠬᠠᠢ ᠴᠢᠬᠢᠶᠠᠰᠤ      ᠡᠮᠤᠰᠴᠤ ᠵᠡᠬᠦᠬᠦ ᠳᠤ ᠳᠤᠷᠠᠯᠠᠭᠴᠢ ᠭᠡᠭᠡᠨᠴᠢᠷ ᠬᠤᠷᠤᠬᠠᠢ ᠴᠢᠬᠢᠶᠠᠰᠤ      ᠥᠭᠡᠷ᠎ᠠ ᠪᠤᠰᠤᠳ ᠢ ᠭᠠᠳᠠᠭᠤᠷᠬᠠᠨ ᠠᠮᠢᠨᠴᠢᠷ ᠬᠤᠷᠤᠬᠠᠢ ᠴᠢᠬᠢᠶᠠᠰᠤ      ᠥᠰ ᠬᠤᠨᠵᠢᠨ ᠢ ᠬᠥᠭᠡᠭᠡᠭᠴᠢ ᠵᠠᠨᠤᠭᠴᠢ ᠬᠤᠷᠤᠬᠠᠢ ᠴᠢᠬᠢᠶᠠᠰᠤ      ᠥᠪᠡᠷᠮᠢᠴᠠ ᠴᠢᠨᠠᠷ ᠢᠶᠠᠨ ᠠᠯᠳᠠᠭᠰᠠᠨ ᠱᠤᠭᠤᠮᠠᠯ ᠬᠤᠷᠤᠬᠠᠢ ᠴᠢᠬᠢᠶᠠᠰᠤ      ᠠᠷᠢᠭᠢ ᠥᠵᠡᠪᠡᠯ ᠡᠷᠡᠯᠭᠡᠭ ᠪᠠᠭᠠᠳᠤᠷ ᠬᠤᠷᠤᠬᠠᠢ ᠴᠢᠬᠢᠶᠠᠰᠤ      ᠠᠵᠢᠯ ᠬᠠᠷᠠᠪᠠᠯ ᠪᠤᠯᠳᠤᠭᠴᠢ ᠵᠠᠯᠬᠠᠭᠤ ᠬᠤᠷᠤᠬᠠᠢ ᠴᠢᠬᠢᠶᠠᠰᠤ      ᠠᠪᠠᠭᠠᠢ ᠥᠵᠡᠪᠠᠯ ᠨᠤᠴᠤᠭᠴᠢ ᠤᠬᠤᠨ᠎ᠠ ᠬᠤᠷᠤᠬᠠᠢ ᠴᠢᠬᠢᠶᠠᠰᠤ      ᠠᠯᠢᠪᠠ ᠶᠠᠭᠤᠮᠠᠨ ᠳᠤ ᠤᠰᠤᠯᠳᠤᠭᠴᠢ ᠬᠤᠴᠤᠷᠤᠩᠭᠤᠢ ᠬᠤᠷᠤᠬᠠᠢ ᠴᠢᠬᠢᠶᠠᠰᠤ      ᠡᠳ᠋ ᠥᠵᠡᠪᠠᠯ ᠥᠬᠦᠭᠴᠢ ᠰᠢᠨᠤᠭ ᠬᠤᠷᠤᠬᠠᠢ ᠴᠢᠬᠢᠶᠠᠰᠤ      ᠡᠷᠳᠡᠮ ᠥᠵᠡᠪᠠᠯ ᠵᠠᠯᠪᠡᠷᠢᠭᠴᠢ ᠪᠠᠭᠠᠷᠠᠩ ᠬᠤᠷᠤᠬᠠᠢ ᠴᠢᠬᠢᠶᠠᠰᠣ      ᠡᠷᠢᠯ ᠳᠤ ᠭᠠᠭᠴᠠᠭᠠᠷ ᠳᠠᠪᠬᠢᠭᠴᠢ ᠥᠨᠤᠴᠢᠨ ᠬᠤᠷᠤᠬᠠᠢ ᠴᠢᠬᠢᠶᠠᠰᠤ      ᠡᠭᠡ ᠤᠷᠤᠨ ᠳᠤ ᠪᠠᠨ ᠭᠠᠮ ᠥᠭᠡᠢ ᠪᠥᠷᠢᠯᠭᠡᠭᠴᠢ ᠬᠤᠷᠤᠬᠠᠢ ᠴᠢᠬᠢᠶᠠᠰᠤ      ᠳᠠᠷᠤᠭ᠎ᠠ ᠪᠠᠷ ᠵᠠᠩᠳᠤᠷᠠᠭᠤᠯᠪᠠᠯ ᠨᠤᠮᠤᠬᠠᠨ ᠨᠤᠮᠤᠢ ᠬᠤᠷᠤᠬᠠᠢ ᠴᠢᠬᠢᠶᠠᠰᠤ      ᠳᠠᠷᠤᠯᠠᠭᠤᠯᠵᠥ ᠶᠠᠪᠤᠪᠠᠯ ᠰᠠᠶᠢᠬᠠᠨ ᠪᠤᠭᠤᠯ ᠬᠤᠷᠤᠬᠠᠢ ᠴᠢᠬᠢᠶᠠᠰᠤ      ᠳᠠᠭᠠᠵᠥ ᠬᠥᠶᠤᠪᠡᠯ ᠵᠢᠷᠤᠭ᠎ᠠ ᠨᠤᠬᠠᠢ ᠬᠤᠷᠤᠬᠠᠢ ᠴᠢᠬᠢᠶᠠᠰᠤ      ᠳᠠᠯᠢᠮ ᠳᠤ ᠨᠢ ᠠᠮᠢᠳᠤᠷᠠᠪᠠᠯ ᠬᠠᠨᠤᠭᠴᠢ ᠬᠥᠭᠡᠷᠤᠬᠦᠢ ᠬᠤᠷᠤᠬᠠᠢ ᠴᠢᠬᠢᠶᠠᠰᠤ      ᠬᠥᠮᠤᠨ ᠢ ᠵᠠᠷᠤᠨ ᠠᠯᠵᠢᠭᠤᠷᠠᠭᠴᠢ ᠶᠠᠳᠠᠭᠤ ᠬᠤᠷᠤᠬᠠᠢ ᠴᠢᠬᠢᠶᠠᠰᠤ      ᠬᠥᠷᠤᠨ ᠢ ᠳᠥᠰᠢᠨ ᠠᠮᠢᠯᠠᠭᠴᠢ ᠭᠡᠳᠡᠰᠤᠨ ᠬᠤᠷᠤᠬᠠᠢ ᠴᠢᠬᠢᠶᠠᠰᠤ      ᠬᠥᠴᠤ ᠪᠠᠨ ᠥᠭᠳᠡᠬᠦ ᠥᠭᠡᠢ ᠳᠤᠳᠠᠭᠠᠭᠴᠢ ᠪᠠᠳᠠᠭᠠᠨ᠎ᠠ ᠬᠤᠷᠤᠬᠠᠢ ᠴᠢᠬᠢᠶᠠᠰᠤ      ᠬᠥᠮᠤᠨ ᠢ ᠲᠠᠭᠠᠨ ᠳᠡᠷᠪᠡᠭᠴᠢ ᠰᠤᠬᠤᠷ ᠬᠤᠷᠤᠬᠠᠢ ᠴᠢᠬᠢᠶᠠᠰᠤ      ᠤᠯᠤᠰ ᠳᠥᠷᠤ ᠳᠤ ᠳᠤᠷ᠎ᠠ ᠥᠭᠡᠢ ᠠᠶᠤᠮᠠᠳᠠᠭᠠᠢ ᠬᠤᠷᠤᠬᠠᠢ ᠴᠢᠬᠢᠶᠠᠰᠤ      ᠤᠬᠠᠭᠠᠨ ᠪᠤᠳᠤᠯ ᠢᠶᠠᠨ ᠵᠠᠷᠤᠬᠤ ᠥᠭᠡᠢ ᠪᠢᠳᠠᠭᠤ ᠬᠤᠷᠤᠬᠠᠢ ᠴᠢᠬᠢᠶᠠᠰᠤ      ᠤᠷᠢᠳᠤ ᠶᠢᠨ ᠥᠪ ᠢᠶᠠᠨ ᠰᠤᠶᠢᠳᠭᠡᠨ ᠯᠠᠬ᠎ᠠ ᠬᠤᠷᠤᠬᠠᠢ ᠴᠢᠬᠢᠶᠠᠰᠤ      ᠤᠯᠠᠮ ᠠᠴᠠ ᠤᠯᠠᠮ ᠳᠤᠷᠤᠶᠢᠳᠠᠭᠴᠢ ᠪᠠᠳᠠᠷᠴᠢ ᠬᠤᠷᠤᠬᠠᠢ ᠴᠢᠬᠢᠶᠠᠰᠤ      ᠥᠴᠤᠭᠡᠨ ᠶᠠᠭᠤᠮᠠᠨ ᠳᠤ ᠬᠥᠭᠰᠥᠭᠴᠢ ᠬᠥᠭᠡᠷᠤᠬᠦᠥ ᠬᠤᠷᠤᠬᠠᠢ ᠴᠢᠬᠢᠶᠠᠰᠤ      ᠥᠩᠭᠡ ᠶᠢ ᠨᠢ ᠥᠵᠡᠪᠠᠯ ᠬᠠᠭᠤᠷᠳᠠᠭᠴᠢ ᠴᠠᠭᠠᠯᠠᠬᠠᠢ ᠬᠤᠷᠤᠬᠠᠢ ᠴᠢᠬᠢᠶᠠᠰᠤ      ᠥᠪ ᠮᠠᠯ ᠢᠶᠠᠨ ᠰᠠᠬᠢᠭᠴᠢ ᠬᠠᠷᠠᠭᠤᠯ ᠬᠤᠷᠤᠬᠠᠢ ᠴᠢᠬᠢᠶᠠᠰᠤ      ᠥᠨᠥ ᠮᠠᠷᠭᠠᠰᠢ ᠶᠢ ᠱᠠᠭᠠᠶᠢᠭᠴᠢ ᠨᠤᠮᠤᠨ ᠬᠤᠷᠤᠬᠠᠢ ᠴᠢᠬᠢᠶᠠᠰᠤ      ᠡᠷᠳᠡᠮ ᠢ ᠰᠤᠳᠤᠯᠤᠭᠠᠳ ᠶᠠᠭᠠᠷᠠᠤ ᠪᠥᠷᠬᠦ ᠬᠤᠷᠤᠬᠠᠢ ᠴᠢᠬᠢᠶᠠᠰᠤ      ᠡᠷᠳᠡᠮᠳᠡᠨ ᠴᠢᠷᠠᠶᠢᠯᠠᠭᠠᠳ ᠭᠡᠯᠡᠭᠡᠢ ᠬᠤᠩᠬᠢᠯᠳᠠᠭ ᠬᠤᠷᠤᠬᠠᠢ ᠴᠢᠬᠢᠶᠠᠰᠤ      ᠡᠨᠠ ᠳᠡᠷᠡ ᠳᠤ ᠬᠥᠶᠥᠭᠴᠢ ᠬᠤᠯᠬᠢᠭᠤᠷ ᠬᠤᠷᠤᠬᠠᠢ ᠴᠢᠬᠢᠶᠠᠰᠤ      ᠡᠭᠡᠨᠡᠷ ᠥᠷ᠎ᠠ ᠳᠤ ᠪᠠᠨ ᠪᠤᠭᠤᠭᠳᠠᠭᠠᠳ ᠭᠡᠷ ᠤᠨ ᠬᠤᠷᠤᠬᠠᠢ ᠴᠢᠬᠢᠶᠠᠰᠤ      ᠤᠯᠠᠨ ᠶᠠᠭᠤᠮᠠᠨ ᠳᠤ ᠵᠤᠪᠠᠭᠠᠳ ᠭᠡᠶᠤᠷᠡᠯ ᠬᠤᠷᠤᠬᠠᠢ ᠴᠢᠬᠢᠶᠠᠰᠤ      ᠤᠷᠤᠨ ᠭᠠᠷᠤᠨ ᠭᠠᠪᠴᠢᠬᠢᠨᠠᠭᠠᠳ ᠳᠡᠨᠤᠬᠦᠯ ᠬᠤᠷᠤᠬᠠᠢ ᠴᠢᠬᠢᠶᠠᠰᠤ      ᠤᠷᠤᠨᠴᠠᠭ ᠳᠠᠳᠤᠢ ᠭᠤᠵᠤᠶᠢᠭᠠᠳ ᠮᠠᠨᠤᠬᠠᠢ ᠬᠤᠷᠤᠬᠠᠢ ᠴᠢᠬᠢᠶᠠᠰᠤ      ᠤᠷᠴᠢᠬᠤ ᠳᠡᠯᠡᠬᠡᠢ ᠳᠤ ᠬᠤᠴᠤᠷᠠᠭᠠᠳ ᠱᠠᠬᠠᠢ ᠬᠤᠷᠤᠬᠠᠢ ᠴᠢᠬᠢᠶᠠᠰᠤ      ᠳᠤᠳᠤᠭᠠᠳᠤ ᠭᠠᠳᠠᠭᠠᠳᠤ ᠶᠢ ᠳᠠᠨᠢᠬᠤ ᠥᠭᠡᠢ ᠪᠠᠯᠠᠷ ᠬᠤᠷᠤᠬᠠᠢ ᠴᠢᠬᠢᠶᠠᠰᠤ      ᠳᠤᠭ᠎ᠠ ᠮᠠᠭᠠᠳ ᠢ ᠨᠢ ᠪᠠᠷᠤᠬᠯᠠᠬᠤ ᠥᠭᠡᠢ ᠪᠠᠯᠠᠢ ᠬᠤᠷᠤᠬᠠᠢ ᠴᠢᠬᠢᠶᠠᠰᠤ      ᠳᠤᠭᠤᠨᠤ ᠪᠠᠷ ᠳᠡᠭᠷᠢ ᠬᠠᠷᠠᠭᠰᠠᠨ ᠥᠴᠥᠭᠡᠨ ᠬᠤᠷᠤᠬᠠᠢ ᠴᠢᠬᠢᠶᠠᠰᠤ      ᠳᠤᠳᠤᠷ᠎ᠠ ᠪᠠᠨ ᠶᠠᠭᠤ ᠴᠤ ᠪᠤᠳᠤᠯ ᠥᠭᠡᠢ ᠴᠤᠯᠤ ᠬᠤᠷᠤᠬᠠᠢ ᠴᠢᠬᠢᠶᠠᠰᠤ      ᠴᠢᠳᠠᠭᠰᠠᠨ ᠡᠷᠳᠡᠮ ᠢᠶᠠᠨ ᠤᠷᠬᠢᠭᠴᠢ ᠨᠢᠴᠤᠬᠦᠨ ᠬᠤᠷᠤᠬᠠᠢ ᠴᠢᠬᠢᠶᠠᠰᠤ      ᠴᠡᠷᠢᠭ ᠵᠡᠪᠰᠡᠭ ᠢᠶᠠᠨ ᠮᠠᠷᠳᠠᠭᠰᠠᠨ ᠳᠤᠶᠢᠮᠤᠭ ᠬᠤᠷᠤᠬᠠᠢ ᠴᠢᠬᠢᠶᠠᠰᠤ      ᠴᠠᠩᠬᠡᠯ ᠵᠢᠷᠭᠠᠯ ᠨᠢ ᠪᠢᠳᠠᠬᠦᠯᠢᠭ ᠮᠠᠷᠠᠯ ᠬᠤᠷᠤᠬᠠᠢ ᠴᠢᠬᠢᠶᠠᠰᠤ      ᠴᠢᠩᠬᠢᠪᠡᠴᠤ ᠮᠢᠨᠥ ᠬᠠᠶᠢᠷᠠᠳᠤ ᠥᠮᠡᠭᠡᠢ ᠬᠤᠷᠤᠬᠠᠢ ᠴᠢᠬᠢᠶᠠᠰᠤ
 
ᠢᠷᠡᠯᠲᠡ᠄ ᠠᠯᠠᠱᠠ ᠵᠡᠭᠦᠨ ᠬᠤᠰᠢᠭᠤᠨ ᠤ ᠵᠠᠰᠠᠭ ᠤᠨ ᠣᠷᠳᠣᠨ ᠤ ᠮᠣᠩᠭᠤᠯ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号