﹇ᠤᠷᠠᠨ ᠵᠣᠬᠢᠶᠠᠯ﹈ ᠲᠠᠶᠠᠭᠠᠷ ᠤᠨ ᠲᠠᠯᠢᠮ ᠳᠤ
ᠨᠡᠶᠢᠲᠡᠯᠡᠭᠰᠡᠨ ᠴᠠᠭ᠄
2024/7/10
       ᠲᠠᠶᠠᠭᠠᠷ ᠤᠨ ᠲᠠᠯᠢᠮ ᠳᠤ ᠵᠢᠭᠠᠬᠠᠨ ᠶᠠᠭᠤᠮ᠎ᠠ ᠬᠢ ᠬᠡᠵᠤ ᠡᠵᠢ ᠮᠢᠨᠢ ᠦᠷᠬᠦᠯᠵᠢ ᠵᠠᠬᠢᠨ᠎ᠠ᠃ ᠪᠢᠳᠡᠬᠡᠢ ᠠᠷᠢᠬᠢ ᠲᠠᠷᠠᠰᠤ ᠤᠤᠭᠤᠭᠠᠳ ᠠᠶᠢᠯ ᠬᠡᠷᠤᠬᠡᠳ ᠮᠠᠵᠢᠶᠠᠩ ᠲᠤᠭᠯᠠᠭᠠᠳ ᠪᠠᠢ᠂ ᠵᠠᠯᠠᠭᠤ ᠨᠠᠰᠤᠨ ᠳᠤ ᠪᠠᠨ ᠬᠢᠬᠦ ᠦᠬᠡᠢ ᠪᠤᠯ ᠦᠳᠡᠯᠦᠭᠰᠡᠨ ᠬᠤᠶᠢᠨ᠎ᠡ ᠬᠡᠮᠰᠢᠨ᠎ᠡ ᠬᠡᠵᠤ ᠰᠤᠷᠭᠠᠨ᠎ᠠ᠃ ᠤᠳᠤ ᠲᠦᠴᠢ ᠲᠤᠯᠬᠤ ᠰᠢᠬᠠᠭᠰᠠᠨ ᠡᠷ᠎ᠡ ᠪᠠᠰᠠ ᠡᠵᠢ ᠪᠠᠷ ᠢᠶᠠᠨ ᠡᠨᠡ ᠲᠡᠷᠡ ᠬᠡᠵᠤ ᠵᠠᠬᠢᠭᠤᠯᠬᠤ ᠬᠡᠭᠴᠢ ᠬᠡᠵᠤ ᠬᠠᠶᠠ ᠦᠬᠡᠢ ᠪᠤᠳᠤᠨ᠎ᠠ᠃ ᠲᠡᠶᠢᠮᠤ ᠡ᠂ ᠲᠠᠶᠠᠭᠠᠷ ᠤᠨ ᠲᠠᠯᠢᠮ ᠳᠤ ᠵᠢᠭᠠᠬᠠᠨ ᠶᠠᠭᠤᠮ᠎ᠠ ᠬᠢᠵᠤ ᠤᠷᠤᠯᠳᠤᠬᠤ ᠬᠡᠷᠡᠭᠲᠠᠢ ᠯᠡ ᠪᠠᠶᠢᠨ᠎ᠠ᠃ ᠬᠦᠮᠤᠰ ᠤᠳᠤ ᠠᠵᠤ ᠠᠬᠤᠢ ᠬᠡᠳᠡᠯ᠎ᠡ ᠠᠷᠠᠯᠵᠢᠶ᠎ᠠ ᠮᠠᠶᠢᠮᠡᠢ ᠬᠡᠳ ᠠᠯᠢ ᠴᠢᠳᠠᠯ ᠦᠬᠡᠢ ᠨᠢ ᠴᠤ ᠪᠠᠰᠠ ᠬᠡᠳᠤᠨ ᠲᠦᠬᠦᠷᠡᠭ ᠤᠯᠵᠤ ᠪᠠᠶᠢᠬᠤ ᠰᠤᠷᠠᠭ ᠲᠤᠭᠤᠯᠳᠠᠨ᠎ᠠ᠃ ᠡᠨᠡ ᠨᠡᠶᠢᠬᠡᠮ ᠳᠤ ᠶᠠᠭᠠᠬᠢᠯ᠎ᠠ ᠬᠡᠰᠡᠨ ᠴᠤ ᠪᠠᠰᠠ ᠵᠢᠭᠠᠯ ᠵᠢᠭᠤᠯ ᠶᠠᠭᠤᠮ᠎ᠠ ᠬᠢᠵᠤ ᠤᠷᠤᠯᠳᠤᠵᠤ ᠪᠦᠳᠤᠬᠡᠬᠦ ᠯᠡ ᠬᠡᠷᠡᠭᠲᠠᠢ ᠪᠤᠯᠵᠤ ᠪᠤᠢ᠂ ᠡᠰᠡᠪᠡᠰᠤ ᠤᠯᠤᠭᠰᠠᠨ ᠡᠳ᠋ ᠮᠦᠩᠬᠦ ᠴᠤ ᠦᠬᠡᠢ᠂ ᠤᠷᠤᠯᠳᠤᠭᠰᠠᠨ ᠠᠵᠢᠯ ᠦᠢᠯᠡᠰ ᠴᠤ ᠦᠬᠡᠢ᠂ ᠤᠯᠢᠭ ᠢᠶᠠᠨ ᠪᠠᠷᠠᠭᠠᠳ ᠨᠠᠰᠤ ᠶᠢ ᠪᠠᠷᠠᠨ᠎ᠠ ᠬᠡᠭᠴᠢ ᠶᠢᠨ ᠲᠦᠯᠤᠪ ᠪᠤᠯᠬᠤ ᠯᠠ ᠮᠠᠶ᠋ᠢᠭᠲᠠᠢ᠃ ᠨᠠᠭᠠᠴᠤ ᠡᠵᠢ ᠶᠢᠨ ᠮᠢᠨᠢ ᠨᠠᠮ᠎ᠠ ᠶᠢ ᠪᠠᠭ᠎ᠠ ᠪᠠᠶᠢᠬᠤ ᠳᠤ ᠬᠡᠯᠡᠵᠤ ᠪᠠᠶᠢᠭᠰᠠᠨ ᠨᠢᠬᠡ ᠦᠯᠢᠬᠡᠷ ᠪᠤᠳᠤᠭᠳᠠᠨ᠎ᠠ᠃ ᠠᠪᠤ ᠡᠵᠢ ᠨᠢ ᠨᠠᠰᠤ ᠪᠠᠷᠠᠭᠰᠠᠨ ᠤ ᠲᠠᠷᠠᠭ᠎ᠠ ᠠᠬ᠎ᠠ ᠨᠢ ᠦᠨᠤᠴᠢᠨ ᠲᠡᠬᠦᠤ ᠪᠠᠨ ᠬᠡᠷ  ᠠᠴᠠ ᠪᠠᠨ ᠬᠦᠬᠡᠬᠡᠵᠤ ᠭᠠᠷᠭᠠᠬᠤ ᠳᠤ ᠨᠢᠬᠡ ᠱᠧᠩ ᠠᠮᠤᠨ ᠬᠦᠷᠤᠩᠬᠡ ᠦᠭᠬᠦᠭᠰᠡᠨ ᠨᠢ ᠪᠠᠷᠬᠡᠨ ᠨᠢ ᠪᠠᠰᠠ ᠴᠢᠨᠠᠭᠠᠳ ᠦᠭᠬᠦᠭᠰᠡᠨ ᠲᠤᠯᠠ ᠲᠠᠷᠢᠭᠠᠳ ᠤᠷᠭᠤᠭᠰᠠᠨ ᠦᠬᠡᠢ᠂ ᠬᠠᠷᠢᠨ ᠱᠧᠩ ᠤᠨ ᠢᠷᠤᠭᠠᠷ ᠲᠤ ᠪᠠᠶᠢᠭᠰᠠᠨ ᠨᠢᠬᠡ ᠮᠦᠬᠦᠯᠢᠭ ᠠᠮᠤ ᠠᠴᠠ ᠨᠢ ᠨᠢᠬᠡ ᠲᠠᠪᠠᠭ ᠲᠠᠷᠢᠶᠠᠨ ᠴᠢᠬᠢ ᠴᠤᠬᠤᠶᠢᠵᠠᠢ᠃ ᠲᠡᠬᠦᠨ ᠢᠶᠠᠨ ᠬᠠᠷᠠᠭᠠᠳ ᠦᠨᠤ ᠵᠠᠯᠠᠭᠤ ᠤᠬᠢᠯᠠᠵᠤ ᠰᠠᠭᠤᠵᠤ ᠪᠠᠶᠢᠬᠤ ᠳᠤ ᠨᠢᠬᠡ ᠤᠷᠳᠤ ᠴᠠᠭᠠᠨ ᠰᠠᠬᠠᠯᠲᠠᠢ ᠡᠪᠤᠬᠡᠨ ᠢᠷᠡᠬᠡᠳ ᠵᠠᠯᠠᠭᠤ ᠮᠢᠨᠢ ᠪᠤᠤ ᠤᠬᠢᠯᠠ᠂ ᠬᠦᠮᠤᠨ ᠶᠠᠭᠠᠬᠢᠵᠤ ᠬᠢᠵᠤ ᠪᠠᠶᠢᠪᠠᠯ ᠴᠢ ᠮᠥᠨ ᠲᠡᠬᠡᠵᠤ ᠬᠢᠵᠤ ᠪᠠᠢ᠂ ᠬᠦᠮᠤᠨ ᠲᠠᠷᠢᠶᠠᠨ ᠤ ᠪᠠᠨ ᠡᠪᠡᠰᠤ  ᠶᠢ ᠠᠷᠢᠯᠭᠠᠪᠠᠯ ᠴᠢ ᠴᠤ ᠮᠥᠨ ᠠᠷᠴᠢᠵᠤ ᠪᠠᠢ᠂ ᠬᠦᠮᠤᠨ ᠤᠰᠤᠯᠠᠵᠤ ᠪᠠᠶᠢᠪᠠᠯ ᠴᠢ ᠴᠤ ᠮᠥᠨ ᠤᠰᠤᠯᠠᠵᠤ ᠪᠠᠢ᠂ ᠬᠦᠮᠤᠨ ᠪᠢᠯᠵᠤᠤᠬᠠᠢ ᠶᠢ ᠨᠢ ᠲᠠᠭᠤᠵᠤ ᠪᠠᠶᠢᠪᠠᠯ ᠴᠢ ᠴᠤ ᠮᠥᠨ ᠲᠠᠭᠤᠵᠤ ᠪᠠᠢ᠃ ᠬᠦᠮᠤᠨ ᠬᠠᠳᠤᠪᠠᠯ ᠴᠢ ᠴᠤ ᠮᠥᠨ ᠬᠠᠳᠤᠵᠤ ᠪᠠᠢ᠂ ᠬᠦᠮᠤᠨ ᠲᠠᠷᠢᠶ᠎ᠠ ᠪᠠᠨ ᠵᠤᠳᠤᠪᠠᠯ ᠴᠢ ᠴᠤ ᠵᠤᠳᠤ᠂ ᠬᠦᠮᠤᠨ ᠰᠠᠪᠠᠯᠠᠪᠠᠯ ᠴᠢ ᠴᠤ ᠮᠥᠨ ᠰᠠᠪᠠᠯᠠᠵᠤ ᠪᠠᠢ ᠬᠡᠵᠤ ᠵᠠᠬᠢᠭᠠᠳ ᠦᠵᠡᠭᠳᠡᠬᠦ ᠦᠬᠡᠢ ᠪᠤᠯᠤᠭᠰᠠᠨ ᠬᠡᠨ᠎ᠡ᠃ ᠲᠡᠬᠡᠬᠡᠳ ᠨᠦᠬᠦᠬᠡ ᠵᠠᠯᠠᠭᠤ ᠡᠪᠤᠬᠡᠨ ᠤ ᠬᠡᠯᠡᠭᠰᠡᠨ ᠶᠤᠰᠤᠭᠠᠷ ᠬᠢᠬᠡᠳ ᠪᠠᠶᠢᠵᠠᠢ᠃ ᠨᠠᠮᠤᠷ ᠨᠢ ᠬᠠᠷᠢᠨ ᠲᠠᠷᠢᠶ᠎ᠠ ᠪᠠᠨ ᠵᠤᠳᠤᠭᠠᠳ ᠠᠮᠤ ᠪᠠᠨ ᠰᠠᠪᠠᠯᠠᠬᠤ ᠳᠤ ᠰᠤᠮᠠᠯ ᠪᠤᠯᠭᠠᠨ ᠨᠢ ᠲᠦᠬᠦᠷᠤᠬᠡᠳ ᠪᠠᠭᠳᠠᠬᠤ ᠦᠬᠡᠢ ᠪᠠᠶᠢᠵᠠᠢ ᠬᠡᠨ᠎ᠡ ᠬᠡᠵᠤ ᠶᠠᠷᠢᠵᠤ ᠪᠢᠯᠡ᠃ ᠤᠳᠤ ᠪᠤᠳᠤᠬᠤ ᠳᠤ ᠡᠨᠡ ᠶᠠᠭᠠᠬᠢᠭᠰᠠᠨ ᠰᠠᠶᠢᠬᠠᠨ ᠤᠤᠬ᠎ᠠ ᠬᠦᠨ᠂ ᠶᠤᠰᠤ ᠨᠢᠭᠳᠠ ᠦᠯᠢᠬᠡᠷ ᠪᠤᠢ᠃ ᠲᠠᠶᠠᠭᠠᠷ ᠲᠠᠢ ᠬᠠᠮᠳᠤ ᠢᠵᠢᠯᠬᠡᠨ ᠠᠵᠢᠯ ᠬᠢᠵᠤ ᠴᠢᠷᠮᠠᠶᠢᠭᠠᠳ ᠯᠠ ᠪᠠᠶᠢᠪᠠᠯ ᠯᠠᠪᠲᠠᠢ ᠶᠡᠭᠡ ᠦᠢᠯᠡᠰ ᠪᠦᠳᠤᠬᠡᠨ᠎ᠡ ᠬᠡᠰᠡᠨ ᠢ ᠬᠡᠯᠡᠵᠤ ᠪᠠᠶᠢᠭ᠎ᠠ ᠪᠢᠰᠢᠤ︖ ᠮᠠᠨᠠᠶᠢᠬᠡᠨ ᠤ ᠮᠠᠰᠢ ᠠᠷᠪᠢᠨ ᠬᠦᠮᠤᠰ ᠪᠤᠳᠤᠬᠤ ᠳᠤ ᠪᠠᠨ ᠤᠯᠠᠨ ᠠᠴᠠ ᠤᠨᠴᠠᠭᠠᠢ ᠨᠢᠬᠡ ᠭᠠᠶᠢᠬᠠᠮᠰᠢᠭᠲᠠᠢ ᠶᠠᠭᠤᠮ᠎ᠠ ᠬᠢᠵᠤ ᠮᠦᠩᠬᠦ ᠵᠤᠭᠤᠰ ᠤᠯᠵᠤ ᠨᠠᠷ᠎ᠠ ᠰᠦᠷ ᠮᠠᠨᠳᠤᠭᠤᠯᠤᠨ᠎ᠠ ᠬᠡᠵᠤ ᠪᠤᠳᠤᠨ᠎ᠠ᠂ ᠦᠨᠡᠨᠳᠡᠬᠡᠨ ᠦᠢᠯᠡᠰ ᠪᠦᠳᠤᠬᠡᠨ᠎ᠡ ᠬᠡᠭᠴᠢ ᠭᠠᠭᠴᠠ ᠬᠦᠮᠤᠨ ᠠᠴᠠ ᠤᠨᠴᠠᠭᠠᠢ ᠶᠠᠭᠤᠮ᠎ᠠ ᠬᠢᠨ᠎ᠡ ᠬᠡᠰᠡᠨ ᠤᠴᠢᠷ ᠪᠢᠰᠢ᠂ ᠬᠠᠷᠢᠨ ᠬᠦᠮᠤᠰ ᠤᠨ ᠪᠤᠳᠤᠵᠤ ᠤᠯᠤᠭᠰᠠᠨ ᠴᠤ᠂ ᠬᠢᠭᠰᠡᠨ ᠴᠤ ᠲᠤᠤᠱᠲᠠᠢ ᠬᠢᠵᠤ ᠤᠷᠤᠯᠳᠤᠭᠰᠠᠨ ᠦᠬᠡᠢ ᠵᠦᠢᠯ ᠤᠳ ᠢ ᠲᠤᠤᠱᠲᠠᠢ ᠬᠢᠬᠦ ᠲᠡᠬᠡᠷ᠎ᠡ ᠪᠠᠶᠢᠭ᠎ᠠ ᠶᠤᠮ᠃ ᠲᠡᠷᠡ ᠲᠡᠶᠢᠮᠤ ᠶᠡᠭᠡ ᠭᠠᠶᠢᠬᠠᠮᠠᠷ ᠠᠰᠠᠭᠤᠳᠠᠯ ᠪᠢᠰᠢ᠃ ᠠᠰᠠᠭᠤᠳᠠᠯ ᠤᠨ ᠭᠤᠤᠯ ᠨᠢ ᠪᠢᠳᠠ ᠠᠵᠢᠯ  ᠢᠶᠠᠨ ᠲᠤᠤᠱᠲᠠᠢ᠂ ᠤᠳᠠᠭᠠᠨ ᠲᠠᠭᠠᠭᠠᠮᠠᠭᠠᠢ᠂ ᠪᠦᠳᠤᠬᠡᠯᠴᠢ ᠠᠮᠢᠳᠤᠯᠢᠭ᠂ ᠤᠳᠤᠬᠢ ᠤᠷᠴᠢᠨ ᠲᠤᠭᠤᠷᠢᠨ ᠳᠤ ᠨᠡᠶᠢᠴᠡᠬᠦᠯᠤᠨ ᠬᠢᠵᠤ ᠲᠡᠶᠢᠯᠬᠦ ᠡᠰᠡᠬᠦ ᠲᠠᠬᠡᠷ᠎ᠡ ᠯᠠ ᠪᠠᠶᠢᠨ᠎ᠠ᠃      ᠪᠢᠳᠠ ᠲᠠᠶᠠᠭᠠᠷ ᠤᠨ ᠲᠠᠯᠢᠮ ᠢᠶᠠᠷ ᠬᠡᠵᠤ ᠬᠡᠯᠡᠶ᠎ᠠ᠂ ᠬᠡᠳᠡᠯ᠎ᠡ ᠡᠨᠡ ᠲᠠᠶᠠᠭᠠᠷ ᠤᠨ ᠲᠠᠯᠢᠮ ᠬᠡᠳᠡᠭ ᠨᠢ ᠲᠠᠶᠠᠭᠠᠷ  ᠢ ᠲᠠᠯᠢᠮᠳᠠᠭᠤᠯᠵᠤ ᠪᠠᠶᠢᠭᠠᠳ ᠶᠠᠮᠠᠷ ᠨᠢᠬᠡ ᠶᠠᠭᠤᠮ᠎ᠠ ᠬᠤᠨᠵᠢᠶ᠎ᠡ ᠬᠡᠰᠡᠨ ᠪᠢᠰᠢ᠂ ᠬᠠᠷᠢᠨ ᠲᠠᠶᠠᠭᠠᠷ ᠢᠶᠠᠨ ᠬᠢᠵᠤ ᠤᠷᠤᠯᠳᠤᠵᠤ ᠪᠠᠶᠢᠬᠤ ᠳᠤ ᠴᠢ ᠴᠤ ᠬᠡᠰᠡᠨ ᠤᠷᠤᠯᠳᠤᠶ᠎ᠠ ᠬᠢᠶ᠎ᠡ ᠬᠡᠰᠡᠨ ᠯᠡ ᠦᠬᠡ ᠳ᠋ᠠ᠂ ᠲᠡᠶᠢᠮᠤ ᠪᠢᠰᠢ ᠪᠤᠯᠤᠭᠠᠳ ᠬᠦᠮᠤᠰ ᠪᠦᠷ ᠬᠢᠬᠦ ᠪᠠᠨ ᠪᠠᠶᠢᠴᠢᠬᠠᠬᠤ ᠦᠶᠡᠰ ᠶᠡᠭᠡ ᠶᠠᠭᠤᠮ᠎ᠠ ᠪᠤᠯᠭᠠᠵᠤ ᠬᠢᠪᠡᠯ ᠤᠳᠤ ᠶᠤᠰᠤᠲᠠᠢ ᠬᠡᠷ ᠢᠶᠠᠨ ᠰᠠᠬᠢᠭᠰᠠᠨ ᠬᠦᠭᠰᠢᠨ ᠦᠬᠢᠨ ᠰᠢᠭ ᠬᠦᠮᠤᠰ ᠬᠤᠷᠢᠮ ᠬᠢᠵᠤ ᠪᠠᠶᠢᠬᠤ ᠦᠶᠡᠰ ᠠᠯᠢ ᠶᠢ ᠨᠢ ᠲᠤᠭᠤᠬᠤ ᠦᠬᠡᠢ ᠠᠭᠠᠰᠢᠯᠠᠵᠤ ᠪᠠᠶᠢᠭᠠᠳ ᠦᠶ᠎ᠡ ᠬᠤᠷᠠᠭ ᠤᠨ ᠬᠦᠮᠤᠰ ᠨᠢ ᠪᠦᠷ ᠬᠤᠷᠢᠮᠯᠠᠭᠰᠠᠨ ᠬᠤᠶᠢᠨ᠎ᠠ ᠤᠳᠤ ᠨᠢᠬᠡ ᠬᠤᠷᠢᠮ ᠬᠢᠶ᠎ᠡ ᠬᠡᠰᠡᠨ ᠰᠢᠭ ᠪᠤᠯᠵᠤ ᠬᠡᠷ ᠤᠨ ᠮᠤᠬᠤᠷ ᠰᠠᠬᠢᠬᠤ ᠬᠡᠷᠡᠭ ᠪᠤᠯᠬᠤ ᠯᠠ ᠪᠢᠰᠢᠤ︖ ᠲᠠᠶᠠᠭᠠᠷ ᠤᠨ ᠲᠠᠯᠢᠮ ᠳᠤ ᠬᠡᠳᠡᠭ ᠢ ᠤᠳᠤ ᠪᠠᠰᠠ ᠴᠠᠭ ᠦᠶ᠋ᠶ᠎ᠡ ᠲᠠᠢ ᠵᠡᠷᠬᠡᠴᠡᠨ ᠤᠷᠤᠰᠢᠵᠤ ᠠᠵᠠ ᠵᠠᠪᠰᠢᠶᠡᠨ ᠢ ᠠᠰᠢᠭᠯᠠᠶ᠎ᠠ ᠬᠡᠵᠤ ᠬᠡᠯᠡᠬᠦ ᠪᠤᠯᠴᠢᠬᠠᠵᠠᠢ᠃ ᠶᠠᠭᠠᠬᠢᠵᠤ ᠬᠡᠯᠡᠭᠰᠡᠨ ᠴᠤ ᠪᠤᠯᠤᠭ᠂ ᠪᠢᠳᠠ ᠦᠷᠬᠦᠯᠡᠵᠤ ᠰᠠᠭᠤᠬᠤ ᠪᠠᠷ ᠦᠷᠬᠦᠯᠵᠢ ᠤᠷᠤᠯᠳᠤᠵᠤ ᠬᠢᠵᠤ ᠪᠦᠳᠤᠬᠡᠵᠤ ᠪᠠᠶᠢᠶ᠎ᠠ︕
 
ᠢᠷᠡᠯᠲᠡ᠄ ᠠᠯᠠᠱᠠ ᠵᠡᠭᠦᠨ ᠬᠤᠰᠢᠭᠤᠨ ᠤ ᠵᠠᠰᠠᠭ ᠤᠨ ᠣᠷᠳᠣᠨ ᠤ ᠮᠣᠩᠭᠤᠯ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号