﹇ᠤᠷᠠᠨ ᠵᠣᠬᠢᠶᠠᠯ﹈ ᠮᠤᠤᠤ᠋ᠰᠤ
ᠨᠡᠶᠢᠲᠡᠯᠡᠭᠰᠡᠨ ᠴᠠᠭ᠄
2024/7/10
 ᠵᠠᠩᠭᠠᠨᠤᠷᠪᠤ                  ᠡᠨᠡ ᠮᠤᠤᠤ᠋ᠰᠤ      ᠡᠵᠢ ᠶᠢᠨ ᠮᠢᠨᠢ ᠵᠢᠰᠤ ᠪᠤᠯᠤᠭᠰᠠᠨ      ᠡᠨᠡ ᠮᠤᠤᠤ᠋ᠰᠤ      ᠡᠴᠢᠬᠡ ᠶᠢᠨ ᠮᠢᠨᠢ ᠴᠢᠰᠤ ᠪᠤᠯᠤᠭᠰᠠᠨ      ᠡᠨᠡ ᠮᠤᠤᠤ᠋ᠰᠤ      ᠡᠷᠳᠡ ᠲᠡᠬᠡᠳᠤᠰ  ᠤᠨ ᠮᠠᠨᠢ ᠦᠪ ᠪᠤᠯᠤᠭᠰᠠᠨ      ᠡᠨᠡ ᠮᠤᠤᠤ᠋ᠰᠤ      ᠡᠷᠬᠢᠬᠡᠳ ᠡᠷᠢᠬᠡᠳ ᠤᠯᠳᠠᠬᠤ ᠦᠬᠡᠢ ᠳ᠋ᠧᠪᠠᠵᠢᠨ      ᠡᠨᠡ ᠮᠠᠭᠤ ᠪᠡᠶ᠎ᠠ  ᠶᠢᠨ ᠮᠢᠨᠢ ᠰᠢᠳᠤᠬᠡᠨ ᠮᠤᠤᠤ᠋ᠰᠤ ᠡ      ᠠᠭᠤᠯᠠ ᠮᠤᠨᠢ  ᠶᠢᠨ  ᠢᠶᠠᠨ ᠰᠦᠷ  ᠢ ᠲᠦᠰᠢᠭᠰᠡᠨ ᠮᠤᠤᠤ᠋ᠰᠤ      ᠤᠯᠠᠭᠠᠨ ᠬᠠᠳᠤᠨ  ᠤ  ᠪᠠᠨ ᠪᠡᠷᠬᠡ ᠶᠢ ᠡᠵᠡᠯᠡᠭᠰᠡᠨ ᠮᠤᠤᠤ᠋ᠰᠤ      ᠤᠷᠳᠤᠰ ᠲᠦᠮᠡᠨ ᠳᠤ ᠵᠠᠶᠠᠭᠠᠲᠠᠢ ᠪᠤᠯᠤᠭᠰᠠᠨ ᠮᠤᠤᠤ᠋ᠰᠤ      ᠤᠷᠤᠭ  ᠤᠨ ᠤᠷᠤᠭ ᠲᠤ ᠤᠯᠠᠮᠵᠢᠯᠠᠵᠤ ᠶᠠᠪᠤᠬᠤ ᠮᠤᠤᠤ᠋ᠰᠤ      ᠬᠠᠭᠠᠨ ᠴᠢᠩᠬᠢᠰ ᠤᠨ ᠢᠶᠠᠨ ᠴᠢᠨᠳᠠᠷ ᠢ ᠰᠠᠬᠢᠭᠰᠠᠨ ᠮᠤᠤᠤ᠋ᠰᠤ      ᠬᠠᠳᠤᠨ ᠮᠠᠨᠳᠤᠬᠠᠢ ᠶᠢᠨ ᠢᠶᠠᠨ ᠲᠠᠩᠭᠠᠷᠢᠭ  ᠢ ᠡᠷᠬᠦᠭᠰᠡᠨ ᠮᠤᠤᠤ᠋ᠰᠤ      ᠬᠠᠮᠤᠭ ᠮᠤᠩᠭᠤᠯ  ᠤᠨ ᠢᠶᠠᠨ ᠦᠮᠤᠭ᠌ ᠪᠤᠯᠤᠭᠰᠠᠨ ᠮᠤᠤᠤ᠋ᠰᠤ      ᠬᠠᠷᠠᠴᠤ ᠠᠷᠠᠳ ᠤᠨ ᠢᠶᠠᠨ ᠬᠡᠰᠢᠭ ᠪᠤᠯᠤᠭᠰᠠᠨ ᠮᠤᠤᠤ᠋ᠰᠤ      ᠭᠠᠯ ᠤᠯᠠᠭᠠᠨ ᠨᠠᠷᠠ      ᠬᠤᠷᠮᠤᠢ  ᠳᠤ ᠨᠢ ᠤᠷᠢᠶᠠᠯᠳᠤᠵᠤ ᠤᠨᠠᠳᠠᠭ ᠮᠤᠤᠤ᠋ᠰᠤ      ᠭᠠᠩᠳᠠᠭᠤᠨ ᠰᠢᠷ᠎ᠠ ᠬᠦᠷᠮ᠎ᠡ ᠪᠠᠷ      ᠬᠤᠷᠢᠨ ᠵᠠᠭᠤᠨ ᠲᠠᠢ ᠵᠤᠯᠭᠠᠭᠰᠠᠨ ᠮᠤᠤᠤ᠋ᠰᠤ      ᠭᠠᠯᠪᠠ ᠳᠤ ᠲᠠᠬᠢᠭᠠᠳ ᠤᠯᠳᠠᠬᠤ ᠦᠬᠡᠢ      ᠡᠬᠡ ᠤᠷᠤᠨ ᠮᠤᠤᠤ᠋ᠰᠤ      ᠭᠠᠭᠴᠠᠬᠠᠨ ᠨᠠᠮ᠎ᠠ ᠳᠤ ᠲᠤᠬᠢᠶᠠᠭᠰᠠᠨ      ᠠᠮᠢ ᠨᠠᠰᠤᠨ ᠮᠤᠤᠤ᠋ᠰᠤ ᠡ      ᠨᠡᠷ᠎ᠡ ᠨᠢ ᠬᠠᠶᠢᠷ᠎ᠠ ᠪᠤᠯᠬᠤᠷ ᠮᠠᠭᠤ ᠬᠡᠰᠡᠨ ᠮᠤᠤᠤ᠋ᠰᠤ      ᠨᠢᠳᠡᠷ ᠨᠢ ᠲᠡᠯᠡᠬᠡᠢ ᠪᠤᠯᠬᠤᠷ ᠮᠤᠷᠢᠳᠡᠨ  ᠤ ᠬᠡᠰᠡᠨ ᠮᠤᠤᠤ᠋ᠰᠤ      ᠰᠢᠯᠤᠭ᠌ ᠨᠢ ᠬᠠᠳᠤᠨ ᠤ ᠪᠤᠯᠬᠤᠷ ᠤᠷᠳᠣᠰ ᠬᠡᠰᠡᠨ ᠮᠤᠤᠤ᠋ᠰᠤ      ᠰᠢᠳᠤᠬᠡᠨ ᠨᠢ ᠪᠤᠭᠳᠠ ᠶᠢᠨ ᠪᠤᠯᠬᠤᠷ ᠤᠬᠠᠭᠠᠨ  ᠤ ᠬᠡᠰᠡᠨ ᠮᠤᠤᠤ᠋ᠰᠤ      ᠤᠪᠤᠭ᠎ᠠ ᠨᠢ ᠰᠦᠰᠤᠭ᠌ ᠪᠤᠯᠬᠤᠷ ᠲᠡᠭᠷᠢ  ᠠᠴᠠ ᠦᠢᠷᠬᠠᠨ ᠮᠤᠤᠤ᠋ᠰᠤ      ᠤᠷᠤᠨ ᠨᠢ ᠲᠡᠬᠡᠳᠤ  ᠶᠢᠨ ᠪᠤᠯᠬᠤᠷ ᠪᠤᠯᠠᠭᠳᠠᠴᠠ ᠪᠠᠷ ᠡᠯᠪᠡᠭ ᠮᠤᠤᠤ᠋ᠰᠤ      ᠲᠠᠬᠢᠭᠰᠠᠨ ᠨᠢ ᠰᠦᠯᠳᠡ ᠪᠤᠯᠬᠤᠷ ᠬᠦᠪᠡᠬᠦᠳ ᠨᠢ ᠲᠠᠶᠢᠴᠢᠨ ᠮᠤᠤᠤ᠋ᠰᠤ      ᠲᠠᠶᠠᠭᠠᠷ ᠮᠠᠭᠳᠠᠭᠰᠠᠨ ᠪᠤᠯᠬᠤᠷ ᠠᠮᠠᠨ ᠨᠠᠶᠢᠷᠠᠭ  ᠤᠨ ᠮᠤᠤᠤ᠋ᠰᠤ      ᠲᠠᠭᠤᠤ ᠨᠢ ᠲᠠᠯᠠᠢ ᠪᠤᠯᠬᠤᠷ ᠠᠪᠤ ᠡᠵᠢ  ᠶᠢᠨ ᠮᠢᠨᠢ ᠮᠤᠤᠤ᠋ᠰᠤ      ᠲᠤᠷᠠᠯᠠᠯ ᠨᠢ ᠪᠦᠵᠢᠭ ᠪᠤᠯᠬᠤᠷ ᠠᠴᠢᠤᠷ ᠦᠷ᠎ᠡ ᠶᠢᠨ ᠮᠢᠨᠢ ᠮᠤᠤᠤ᠋ᠰᠤ      ᠲᠡᠮᠡᠴᠡᠯ ᠨᠢ ᠰᠢᠷᠤᠬᠦᠨ ᠪᠤᠯᠬᠤᠷ ᠡᠯᠡᠰᠤ ᠮᠠᠩᠬᠠᠨ ᠤ ᠮᠤᠤᠤ᠋ᠰᠤ      ᠲᠡᠮᠡᠤᠯᠡᠯ ᠨᠢ ᠡᠷᠬᠡ ᠴᠢᠯᠤᠬᠡ ᠪᠤᠯᠬᠤᠷ ᠡᠩᠬᠡ ᠲᠠᠶᠢᠪᠤᠩ  ᠤᠨ ᠮᠤᠤᠤ᠋ᠰᠤ      ᠪᠠᠶᠠᠨ ᠡᠯᠪᠡᠭ ᠬᠤᠶᠠᠷ  ᠢ ᠬᠦᠷᠤᠰᠤᠨ ᠳᠤ ᠪᠠᠨ ᠠᠬᠤᠭᠤᠯᠤᠭᠰᠠᠨ ᠮᠤᠤᠤ᠋ᠰᠤ      ᠪᠠᠭᠠᠳᠤᠷ ᠡᠷᠳᠡᠮᠳᠡᠨ ᠪᠦᠬᠦᠨ ᠢ ᠬᠦᠳᠡᠭᠡ  ᠳᠤ ᠪᠠᠨ ᠨᠢᠭᠤᠭᠰᠠᠨ ᠮᠤᠤᠤ᠋ᠰᠤ      ᠬᠡᠢ ᠨᠡᠬᠦᠷᠡᠰᠤᠨ  ᠤ ᠭᠠᠷᠤᠯᠳᠠ ᠶᠢ ᠬᠡᠪᠡᠯᠢ ᠳᠤ ᠪᠠᠨ ᠬᠠᠳᠠᠭᠠᠯᠠᠭᠰᠠᠨ ᠮᠤᠤᠤ᠋ᠰᠤ      ᠬᠡᠬᠡᠨᠴᠡᠷ ᠭᠤᠸ᠎ᠠ ᠰᠠᠶᠢᠬᠠᠨ ᠢ ᠦᠬᠢᠳ ᠢᠶᠠᠷ ᠢᠶᠠᠨ ᠴᠢᠮᠡᠭᠰᠡᠨ ᠮᠤᠤᠤ᠋ᠰᠤ      ᠨᠢᠭᠤᠷ ᠲᠦᠬᠦᠷᠡᠩ ᠰᠢᠷᠬ᠎ᠠ ᠰᠤᠷᠪᠢ  ᠶᠢ ᠨᠢ ᠰᠠᠯᠬᠢ ᠨᠢ ᠠᠷᠴᠢᠳᠠᠭ ᠮᠤᠤᠤ᠋ᠰᠤ      ᠨᠢᠯᠪᠤᠰᠤ ᠢᠨᠢᠶᠡᠳᠤ ᠬᠤᠶᠠᠷ ᠢ ᠨᠢ ᠰᠠᠷᠠ ᠨᠢ ᠢᠯᠪᠢᠳᠡᠭ ᠮᠤᠤᠤ᠋ᠰᠤ      ᠨᠢᠮᠬᠡᠨ ᠲᠠᠴᠢᠷ ᠬᠦᠷᠤᠰᠤ ᠶᠢ ᠨᠢ ᠬᠤᠷ᠎ᠠ ᠨᠢ ᠲᠤᠭᠳᠠᠭᠠᠳᠠᠭ ᠮᠤᠤᠤ᠋ᠰᠤ      ᠨᠢᠬᠦᠯ ᠪᠤᠶᠠᠨ ᠬᠤᠶᠠᠷ  ᠢ ᠨᠢ ᠡᠯᠡᠰᠤ ᠨᠢ ᠲᠠᠷᠤᠳᠠᠭ ᠮᠤᠤᠤ᠋ᠰᠤ      ᠦᠨᠳᠤᠷ ᠪᠤᠭᠤᠨᠢ ᠬᠤᠶᠠᠷ ᠢ ᠨᠢ ᠡᠬᠦᠯᠡ ᠨᠢ ᠬᠡᠮᠵᠢᠳᠡᠭ ᠮᠤᠤᠤ᠋ᠰᠤ      ᠦᠢᠯᠡ ᠵᠢᠷᠭᠠᠯ ᠬᠤᠶᠠᠷ ᠢ ᠨᠢ ᠠᠷᠠᠳ ᠨᠢ ᠡᠳᠡᠯᠡᠳᠡᠭ ᠮᠤᠤᠤ᠋ᠰᠤ      ᠦᠨᠡᠨ ᠬᠤᠳᠠᠯ ᠬᠤᠶᠠᠷ ᠢ ᠨᠢ ᠦᠢᠯᠡᠳᠤᠯᠬᠡ ᠨᠢ ᠬᠡᠷᠡᠴᠢᠯᠡᠳᠡᠭ ᠮᠤᠤᠤ᠋ᠰᠤ      ᠦᠯᠢᠬᠡᠷ ᠲᠡᠤᠬᠡ  ᠶᠢᠨ ᠬᠠᠭᠤᠳᠠᠰᠤᠨ  ᠳᠤ ᠦᠨᠢᠳᠡ ᠮᠦᠩᠬᠡᠷᠡᠬᠦ ᠮᠤᠤᠤ᠋ᠰᠤ      ᠡᠨᠡ ᠮᠤᠤᠤ᠋ᠰᠤ      ᠡᠵᠢ ᠶᠢᠨ ᠮᠢᠨᠢ ᠵᠢᠰᠤ ᠪᠤᠯᠤᠭᠰᠠᠨ      ᠡᠨᠡ ᠮᠤᠤᠤ᠋ᠰᠤ      ᠡᠴᠢᠬᠡ ᠶᠢᠨ ᠮᠢᠨᠢ ᠴᠢᠰᠤ ᠪᠤᠯᠤᠭᠰᠠᠨ      ᠡᠨᠡ ᠮᠤᠤᠤ᠋ᠰᠤ      ᠡᠷᠳᠡ ᠲᠡᠬᠡᠳᠤᠰ  ᠤᠨ ᠮᠠᠨᠢ ᠦᠪ ᠪᠤᠯᠤᠭᠰᠠᠨ      ᠡᠨᠡ ᠮᠤᠤᠤ᠋ᠰᠤ      ᠡᠷᠬᠢᠬᠡᠳ ᠡᠷᠢᠬᠡᠳ ᠤᠯᠳᠠᠬᠤ ᠦᠬᠡᠢ ᠳ᠋ᠧᠪᠠᠵᠢᠨ      ᠡᠨᠡ ᠮᠠᠭᠤ ᠪᠡᠶ᠎ᠠ ᠶᠢᠨ ᠮᠢᠨᠢ ᠰᠢᠳᠤᠬᠡᠨ ᠮᠤᠤᠤ᠋ᠰᠤ ᠡ
 
ᠢᠷᠡᠯᠲᠡ᠄ ᠠᠯᠠᠱᠠ ᠵᠡᠭᠦᠨ ᠬᠤᠰᠢᠭᠤᠨ ᠤ ᠵᠠᠰᠠᠭ ᠤᠨ ᠣᠷᠳᠣᠨ ᠤ ᠮᠣᠩᠭᠤᠯ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号