﹇ᠤᠷᠠᠨ ᠵᠣᠬᠢᠶᠠᠯ﹈ ᠡᠳᠤᠷ ᠤᠨ ᠦᠩᠬᠡ ᠪᠠᠷ ᠨᠠᠮᠢᠶᠠᠬᠤᠢ
ᠨᠡᠶᠢᠲᠡᠯᠡᠭᠰᠡᠨ ᠴᠠᠭ᠄
2024/7/10
ᠵᠠᠩᠭᠠᠨᠤᠷᠪᠤ                    ᠲᠤᠭᠤᠰᠤ ᠶᠢ ᠴᠢᠯᠠᠭᠤᠳᠠᠨ ᠨᠠᠭᠠᠳᠴᠤ      ᠰᠠᠯᠬᠢ      ᠲᠤᠷᠭ᠎ᠠ ᠶᠢ ᠵᠦᠰᠤᠨ ᠤᠬᠢᠯᠠᠭᠤᠯᠵᠤ      ᠡᠪᠡᠰᠤ      ᠨᠠᠷᠠ ᠶᠢ ᠪᠤᠯᠢᠶᠠᠯᠳᠤᠨ ᠲᠡᠪᠡᠷᠡᠵᠤ      ᠴᠡᠴᠡᠭ      ᠡᠬᠦᠯᠡ ᠶᠢ ᠠᠷᠭᠠᠳᠠᠨ ᠡᠷᠬᠡᠯᠡᠬᠦᠯᠵᠤ      ᠰᠠᠷᠠ      ᠡᠳᠤᠷ ᠬᠤᠭᠤᠴᠠᠨ ᠡᠬᠢᠯᠡᠨ᠎ᠡ᠃       ᠮᠤᠳᠤᠳ ᠢ ᠲᠡᠷᠪᠡᠯᠵᠢᠬᠦᠯᠤᠨ ᠪᠦᠵᠡᠭᠯᠡᠬᠦᠯᠵᠤ      ᠴᠢᠮᠡᠭᠡ      ᠮᠤᠷᠢᠳ ᠢ ᠨᠠᠳᠬᠤᠭᠠᠨ ᠲᠤᠭᠯᠠᠭᠤᠯᠵᠤ      ᠲᠤᠯᠬᠢᠶ᠎ᠠ      ᠮᠤᠯᠤᠷ ᠢ ᠦᠰᠤᠴᠡᠬᠦᠯᠤᠨ ᠬᠦᠶᠤᠯᠳᠤᠬᠦᠯᠵᠤ      ᠤᠰᠤᠨ      ᠮᠤᠩᠭᠤᠯ ᠢ ᠲᠤᠳᠤᠮᠳᠠᠨ ᠦᠰᠬᠡᠵᠤ      ᠲᠡᠭᠷᠢ      ᠶᠡᠭᠡ ᠰᠠᠶᠢᠬᠠᠨ ᠨᠠᠯᠠᠶᠢᠨ᠎ᠠ᠃       ᠬᠤᠨᠢᠨ ᠰᠦᠷᠦᠭ ᠲᠠᠭᠤᠯᠠᠯᠳᠤᠨ ᠮᠤᠷᠳᠠᠵᠤ      ᠦᠷᠯᠤᠬᠡ      ᠬᠤᠶᠢᠨ᠎ᠠ ᠠᠴᠠ ᠨᠢ ᠮᠠᠶᠢᠯᠠᠯᠳᠤᠨ ᠢᠪᠢᠯᠵᠤ      ᠵᠠᠮ      ᠬᠤᠩᠭᠤᠷ ᠠᠯᠴᠢᠭᠤᠷ ᠲᠠᠯᠠᠯᠤᠨ      ᠨᠢᠳᠤ      ᠬᠤᠵᠢᠮ ᠤᠨ ᠵᠢᠷᠭᠠᠯ ᠲᠤᠷᠠᠳᠬᠠᠨ      ᠢᠨᠢᠶᠡᠳᠤ      ᠢᠰᠬᠡᠷᠬᠡ ᠲᠤᠩᠭᠤᠳᠤᠨ ᠠᠨᠢᠷᠯᠠᠨ᠎ᠠ᠃       ᠲᠠᠯ᠎ᠠ ᠶᠢ ᠲᠡᠭᠷᠢ ᠲᠠᠢ ᠵᠤᠯᠭᠠᠭᠤᠯᠵᠤ      ᠵᠡᠷᠬᠡᠯᠬᠡ      ᠲᠠᠨ ᠢ ᠮᠠᠨ ᠲᠠᠢ ᠠᠭᠤᠯᠵᠠᠭᠤᠯᠵᠤ      ᠰᠢᠯᠦᠭ      ᠲᠠᠷᠠᠭ ᠢ ᠢᠰᠬᠡᠨ ᠠᠭᠤᠷᠯᠠᠭᠤᠯᠵᠤ      ᠬᠠᠯᠠᠭᠤᠨ      ᠲᠠᠪᠠᠭ ᠢ ᠢᠴᠡᠬᠡᠨ ᠪᠢᠯᠬᠠᠭᠤᠯᠵᠤ      ᠢᠳᠡᠭᠡ      ᠴᠠᠭᠠᠨ ᠮᠦᠷ ᠬᠦᠳᠤᠯᠤᠨ᠎ᠠ᠃       ᠦᠬᠢᠳ ᠢ ᠲᠡᠷᠪᠡᠯᠵᠢᠬᠦᠯᠤᠨ ᠬᠦᠭᠰᠡᠬᠡᠵᠤ      ᠰᠦ      ᠤᠯᠠᠨ ᠢ ᠦᠢᠮᠡᠬᠦᠯᠤᠨ ᠪᠤᠴᠠᠯᠭᠠᠵᠤ      ᠴᠢᠬᠢ      ᠤᠯᠵᠤ ᠠᠯᠳᠠᠨ ᠬᠠᠷᠠᠮᠰᠠᠭᠤᠯᠵᠤ      ᠭᠤᠪᠢ      ᠤᠷᠴᠢᠯᠠᠩ ᠢ ᠬᠦᠷᠪᠡᠬᠦᠯᠤᠨ ᠲᠡᠩᠳᠡᠵᠤ      ᠬᠤᠭᠤᠴᠠᠭ᠎ᠠ      ᠡᠷᠢᠬᠡ ᠰᠢᠪᠳᠤᠷᠤᠨ ᠵᠠᠯᠪᠢᠷᠠᠨ᠎ᠠ᠃       ᠭᠠᠯᠠᠭᠤᠳ ᠲᠤᠩᠭᠤᠳᠤᠨ ᠵᠠᠪᠢᠯᠠᠵᠤ      ᠲᠡᠷᠳᠡᠭᠡ      ᠭᠠᠳᠠᠨ᠎ᠠ ᠤᠶᠠᠭ᠎ᠠ ᠬᠠᠩᠬᠢᠨᠠᠵᠤ      ᠡᠷ᠎ᠡ      ᠭᠠᠯ ᠲᠠᠷᠬᠢᠯᠤᠨ ᠲᠤᠳᠠᠭᠠᠵᠤ      ᠴᠠᠢ      ᠬᠠᠴᠠᠷ ᠤᠯᠠᠪᠢᠰᠬᠡᠨ ᠪᠦᠯᠢᠷᠬᠡᠵᠤ      ᠲᠡᠷᠯᠢᠭ      ᠰᠠᠬᠦᠳᠡᠷ ᠠᠯᠳᠠᠨ ᠰᠤᠨᠢᠶᠠᠨ᠎ᠠ᠃       ᠨᠢᠬᠡᠨ ᠲᠤᠭ ᠨᠠᠮᠢᠷᠠᠨ      ᠢᠯᠡ      ᠨᠢᠬᠡᠨ ᠪᠤᠷᠤᠭᠠᠨ ᠬᠦᠤᠷᠨᠢᠵᠤ      ᠢᠷᠡᠬᠡᠳᠤᠢ      ᠨᠢᠬᠡᠨ ᠠᠶᠢᠯ ᠬᠤᠳᠠᠯᠠᠨ      ᠵᠢᠷᠭᠠᠯ      ᠨᠢᠬᠡᠨ ᠦᠩᠬᠡ ᠵᠦᠩᠨᠡᠨ      ᠨᠠᠮᠢᠶᠠᠬᠤᠢ      ᠬᠡᠷᠡᠯ ᠤᠶᠠᠷᠠᠨ ᠬᠤᠷᠭᠤᠳᠠᠨ᠎ᠠ᠃      
 
ᠢᠷᠡᠯᠲᠡ᠄ ᠠᠯᠠᠱᠠ ᠵᠡᠭᠦᠨ ᠬᠤᠰᠢᠭᠤᠨ ᠤ ᠵᠠᠰᠠᠭ ᠤᠨ ᠣᠷᠳᠣᠨ ᠤ ᠮᠣᠩᠭᠤᠯ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号