﹇ᠤᠷᠠᠨ ᠵᠣᠬᠢᠶᠠᠯ﹈  ︽ᠡᠰᠡ ᠮᠡᠳᠡᠭᠴᠢᠨ︾ ᠠᠴᠠ ᠰᠡᠳᠤᠪᠯᠡᠬᠦ ᠨᠢ
ᠨᠡᠶᠢᠲᠡᠯᠡᠭᠰᠡᠨ ᠴᠠᠭ᠄
2024/7/10
       ︽ᠬᠡᠨ ᠬᠡᠨ ᠤ ᠮᠠᠯ ᠶᠠᠭᠠᠬᠢᠭᠰᠠᠨ ᠪᠠᠶᠢᠨ᠎ᠠ︾ ᠬᠡᠬᠦ ᠳᠤ ︽ᠲᠤᠭᠤᠢ ᠲᠤᠭᠤᠢ᠂ ᠬᠠᠮᠤᠭ ᠰᠠᠶᠢᠨ ᠨᠢ ᠡᠰᠡ ᠮᠡᠳᠡᠭᠴᠢᠨ ᠴᠢᠷᠠᠶᠢᠯᠠᠵᠤ ᠪᠠᠶᠢᠬᠤ ᠨᠢ ᠲᠡᠬᠡᠷ᠎ᠡ︾ ᠬᠡᠨ᠎ᠡ᠃ ︽ᠬᠡᠨ ᠬᠡᠨ ᠤ ᠨᠤᠳᠤᠭ ᠬᠡᠨ ᠳᠤ ᠡᠵᠡᠯᠡᠭᠳᠡᠭᠰᠡᠨ ᠪᠠᠶᠢᠨ᠎ᠠ ᠰᠢᠤ︾ ᠬᠡᠬᠦᠯᠡᠷ ︽ᠲᠤᠭᠤᠢ ᠲᠤᠭᠤᠢ᠂ ᠬᠠᠮᠢᠶᠠᠷᠬᠤ ᠬᠡᠷᠡᠭ ᠦᠬᠡᠢ︾ ᠬᠡᠨ᠎ᠡ᠃ ︽ᠬᠡᠨ ᠬᠡᠨ ᠤ ᠬᠡᠤᠬᠡᠳ ᠶᠠᠭᠠᠬᠢᠵᠤ ᠲᠦᠷᠰᠤᠬᠦᠶᠢᠳᠡᠵᠤ ᠪᠠᠶᠢᠨ᠎ᠠ ᠰᠢᠤ︾ ᠬᠡᠬᠦᠯᠡᠷ ︽ᠵᠠ᠂ ᠲᠡᠷᠡ ᠤᠳᠤ ᠶᠠᠭᠤ ᠶᠢ ᠨᠢ ᠬᠠᠮᠢᠶᠠᠷᠬᠤ ᠪᠤᠢ︖ ᠡᠴᠢᠬᠡ ᠡᠬᠡ ᠨᠢ ᠴᠤ ᠬᠦᠴᠤᠷᠬᠦ ᠦᠬᠡᠢ ᠶᠤᠮ ᠴᠢᠨᠢ︾ ᠬᠡᠨ᠎ᠡ᠃ ︽ᠬᠡᠨ ᠬᠡᠨ ᠤ ᠡᠷᠬᠡ ᠵᠡᠷᠬᠡ ᠶᠢ ᠪᠠᠭᠤᠷᠠᠭᠤᠯᠵᠤ ᠤᠷᠤᠨ ᠳᠤ ᠨᠢ ᠡᠮᠤᠨ᠎ᠡ ᠶᠢᠨ ᠬᠢ ᠶᠢ ᠲᠠᠯᠪᠢᠯ᠎ᠠ ᠰᠢᠤ︾ ᠬᠡᠬᠦᠯᠡᠷ ︽ᠵᠠ᠂ ᠲᠤᠭᠤᠢ ᠲᠤᠭᠤᠢ᠂ ᠲᠤᠯᠤᠮ ᠪᠦᠳᠤᠨ ᠪᠠᠶᠢᠪᠠᠯ ᠲᠤᠭᠤᠢ ᠪᠠᠶᠢᠪᠠᠯ ᠪᠠᠷᠠᠯ᠎ᠠ︾ ᠬᠡᠨ᠎ᠡ᠃ ᠡᠨᠡᠴᠢᠯᠡᠨ ᠮᠤᠩᠭᠤᠯ ᠠᠬ᠎ᠠ ᠲᠡᠬᠦᠤ ᠨᠠᠷ ᠨᠢᠬᠡ ᠨᠢᠬᠡᠨ ᠤ ᠪᠠᠨ ᠶᠠᠭᠤ ᠶᠠᠭᠠᠬᠢᠭᠰᠠᠨ᠂ ᠬᠡᠷᠬᠢᠭᠰᠡᠨ ᠬᠡᠳᠡᠭ ᠤᠨ ᠲᠤᠬᠠᠢ ᠤᠯᠠᠮ ᠢᠯᠡᠬᠦᠤ ︽ᠡᠰᠡ ᠮᠡᠳᠡᠭᠴᠢᠨ︾ ᠴᠢᠷᠠᠶᠢᠯᠠᠬᠤ ᠪᠤᠯᠴᠢᠬᠠᠪᠠ᠃ ᠬᠠᠷᠢᠨ ᠵᠤᠭᠤᠰ ᠲᠠᠢ ᠪᠤᠯᠴᠢᠬᠠᠯ᠎ᠠ᠂ ᠨᠤᠶᠠᠨ ᠵᠡᠷᠬᠡ ᠲᠠᠪᠰᠢᠴᠢᠬᠠᠯ᠎ᠠ ᠬᠡᠬᠦ ᠳᠤ ᠨᠢ ᠰᠠᠶᠢᠬᠠᠨ ᠴᠢᠷᠠᠶᠢᠯᠠᠵᠤ ᠤᠴᠢᠭᠠᠳ ᠵᠤᠪᠠᠯᠠᠩ ᠲᠤᠭᠠᠴᠠᠵᠤ ᠵᠤᠭᠤᠰ ᠵᠢᠬᠡᠯᠡᠬᠦ ᠬᠡᠬᠦ ᠦᠬᠡᠢ ᠪᠤᠯ ᠬᠡᠷᠡᠭ ᠪᠦᠳᠤᠬᠡᠯᠬᠡᠬᠦ ᠬᠡᠨ᠎ᠡ᠃ ᠬᠠᠷᠢᠨ ᠪᠤᠴᠠᠭᠠᠳ ᠬᠠᠪᠰᠤᠷᠤᠶ᠎ᠠ ᠬᠡᠬᠦ ᠪᠤᠶᠤ ᠪᠤᠬᠤᠷ ᠢᠶᠠᠨ ᠠᠯᠠᠭᠠᠳᠠᠭᠠᠳ ᠪᠤᠴᠠᠭᠠᠳ ᠶᠠᠪᠤᠭᠰᠠᠭᠠᠷ ᠯᠡ ᠡᠯᠳᠡᠪ ᠡᠰᠡᠨ ᠶᠠᠭᠤᠮ᠎ᠠ ᠲᠤᠭᠠᠴᠠᠵᠤ ᠮᠠᠭᠤᠯᠠᠵᠤ ᠦᠬᠡᠢ ᠯᠡ ᠪᠤᠯ ︽ᠡᠰᠡ ᠮᠡᠳᠡᠭᠴᠢᠨ︾ ᠴᠢᠷᠠᠶᠢᠯᠠᠨ᠎ᠠ᠃ ᠮᠠᠭᠤ ᠰᠠᠶᠢᠨ᠂ ᠮᠤᠰᠢᠭᠠᠢ ᠬᠠᠵᠠᠭᠠᠢ ᠶᠠᠪᠤᠭᠰᠠᠠᠳ ᠢ ᠬᠠᠷᠠᠳᠠᠯ᠎ᠠ ᠬᠡᠯᠡᠬᠦ ᠦᠬᠡᠢ ᠤᠷᠬᠢᠬᠤ ᠵᠠᠩ ᠮᠠᠨᠠᠶᠢᠬᠡᠨ ᠤ ᠲᠤᠳᠤᠷ᠎ᠠ ᠭᠠᠵᠠᠷ ᠠᠪᠤᠭᠰᠠᠭᠠᠷ᠂ ᠦᠩᠬᠡᠷᠡᠭᠰᠡᠨ ᠳᠤ ᠮᠠᠭᠤ ᠶᠠᠪᠤᠭᠰᠠᠨ ᠬᠦᠮᠤᠨ ᠢ ᠬᠦᠮᠤᠨ ᠪᠤᠯᠭᠠᠨ ᠬᠡᠯᠡᠵᠤ ᠵᠠᠰᠠᠵᠤ ᠵᠠᠯᠠᠳᠠᠭ ᠪᠠᠶᠢᠬᠤ  ᠳᠤ ᠤᠳᠤ ᠬᠠᠷᠢᠨ ᠪᠦᠷ ᠬᠤᠳᠠ ᠶᠢᠨ ᠵᠢᠵᠢᠭ ᠠᠷᠠᠳ ᠤᠨ ᠬᠦᠢᠳᠡᠨ ᠴᠠᠪᠳᠡᠭ ᠬᠠᠷᠠᠴᠠ ᠪᠠᠷ ᠨᠢᠬᠡ ᠨᠢᠬᠡᠨ ᠢᠶᠠᠨ ᠬᠠᠷᠠᠬᠤ ᠪᠤᠯᠴᠢᠬᠠᠵᠠᠢ᠃      ᠲᠡᠷᠡ ᠵᠢᠯ ᠪᠢᠳᠠ ᠪᠡᠬᠡᠵᠢᠩ ᠳᠤ ᠲᠤᠭᠤᠷᠢᠨ ᠰᠤᠷᠤᠯᠴᠠᠵᠤ ᠪᠠᠶᠢᠬᠤ ᠳᠤ ᠭᠠᠵᠠᠷ ᠲᠤᠤᠷᠠᠬᠢ ᠲᠠᠮᠤᠷ ᠵᠠᠮ ᠤᠨ ᠨᠦᠬᠡᠨ ᠠᠴᠠ ᠭᠠᠷᠬᠤ ᠬᠡᠵᠤ ᠶᠠᠪᠤᠵᠤ ᠪᠠᠶᠢᠬᠤ ᠳᠤ ᠨᠢᠬᠡ ᠪᠦᠰᠡᠬᠦᠢ ᠠᠭᠠᠷ ᠪᠦᠭᠴᠢᠮᠳᠡᠭᠰᠡᠨ ᠠᠴᠠ ᠪᠤᠯᠵᠤ ᠬᠡᠨᠡᠳᠳᠡ ᠮᠠᠨᠠᠷᠠᠨ ᠤᠨᠠᠬᠤ ᠳᠤ ᠮᠠᠨ ᠤ ᠨᠢᠬᠡ ᠨᠠᠰᠤᠳᠠᠨ ᠪᠠᠷᠢᠭᠰᠠᠨ ᠪᠤᠭᠴᠤ ᠪᠠᠨ ᠰᠢᠳᠠᠵᠤ ᠲᠡᠬᠦᠨ ᠢ ᠲᠦᠰᠢᠨ ᠠᠪᠤᠭᠠᠳ ᠭᠠᠵᠠᠷ ᠲᠡᠬᠡᠷ᠎ᠡ ᠬᠡᠪᠳᠡᠬᠦᠯᠵᠤ ᠲᠦᠷᠬᠡᠨ ᠠᠪᠤᠷᠠᠯᠳᠠ ᠬᠢᠬᠦ ᠶᠢᠨ ᠬᠠᠮᠳᠤ ᠮᠠᠨ ᠤ ᠬᠡᠳᠤᠬᠦᠯᠡ ᠶᠢ ᠲᠠᠭᠤᠳᠠᠵᠤ ᠲᠦᠷᠬᠡᠨ ᠡᠬᠦᠨ ᠢ ᠭᠠᠳᠠᠨ᠎ᠠ ᠰᠠᠯᠬᠢᠨ ᠳᠤ ᠭᠠᠷᠭᠠᠭᠠᠴᠢ ᠬᠡᠵᠤ ᠪᠢᠯᠡ᠃ ᠲᠡᠷᠡ ᠰᠠᠶᠢᠬᠠᠨ ᠰᠡᠳᠬᠢᠯ ᠤᠨ ᠲᠤᠰᠠ ᠪᠠᠷ ᠪᠢᠳᠠᠨᠤᠰ ᠴᠤ ᠬᠦᠮᠤᠨ ᠠᠪᠤᠷᠠᠭᠰᠠᠨ ᠬᠦᠮᠤᠨ ᠪᠤᠯᠵᠤ ᠭᠠᠭᠴᠠ ᠨᠢᠬᠡ ᠬᠢᠯᠠᠷᠠᠭᠰᠠᠨ ᠪᠢᠯᠡ᠃ ᠲᠡᠬᠡᠬᠦ  ᠳᠤ ᠵᠠᠷᠢᠮᠠᠳ ᠡᠨᠡ ᠬᠡᠳᠤᠨ ᠬᠦᠳᠡᠭᠡ ᠶᠢᠨ ᠪᠤᠯᠬᠢᠴᠤᠤᠯ ᠢᠯᠡᠬᠦᠴᠡ ᠶᠠᠭᠤᠮᠠᠨ ᠳᠤ ᠲᠤᠷᠠᠯᠠᠭᠠᠳ᠂ ᠬᠡᠷᠡᠭ ᠲᠤ ᠤᠷᠢᠶᠠᠭᠳᠠᠪᠠᠯ ᠶᠠᠭᠠᠬᠢᠨ᠎ᠠ ᠬᠡᠵᠤ ᠰᠤᠷᠴᠢᠨ ᠵᠠᠩ ᠭᠠᠷᠭᠠᠵᠤ ᠬᠠᠷᠢᠶᠠᠯ ᠢᠷᠤᠬᠡᠯ ᠲᠠᠳᠠᠯᠠᠵᠤ ᠪᠠᠶᠢᠭᠰᠠᠨ ᠪᠢᠯᠡ᠃ ᠲᠡᠬᠡᠬᠦ ᠳᠤ ᠮᠠᠨ ᠤ ᠨᠠᠰᠤᠳᠠᠨ᠄ ᠡᠨᠡ ᠲᠡᠯᠡᠬᠡᠢ ᠳᠤ ᠰᠠᠶᠢᠨ ᠬᠦᠮᠤᠨ ᠬᠠᠰᠢᠯᠠ ᠤᠯᠠᠩᠬᠢ ᠲᠤᠭ᠎ᠠ ᠶᠢ ᠡᠵᠡᠯᠡᠨ᠎ᠡ ᠬᠡᠵᠤ ᠬᠠᠷᠢᠭᠤ ᠬᠡᠯᠡᠬᠡᠳ ᠮᠤᠬᠤᠭᠠᠵᠤ ᠪᠠᠶᠢᠭᠰᠠᠨ ᠨᠢ ᠰᠠᠨᠠᠭᠳᠠᠨ᠎ᠠ᠃ ᠬᠡᠷᠪᠡ ᠲᠡᠷᠡ ᠤᠨᠠᠭᠰᠠᠨ ᠬᠦᠮᠤᠨ ᠨᠢ ᠦᠬᠡᠷ᠎ᠡ ᠬᠦᠮᠤᠨ ᠪᠢᠰᠢ ᠪᠢᠳᠠ ᠦᠪᠡᠷ ᠢᠶᠠᠨ ᠪᠠᠶᠢᠭᠰᠠᠨ ᠪᠤᠯ ᠶᠠᠭᠠᠬᠢᠨ᠎ᠠ᠂ ᠲᠡᠬᠡᠬᠡᠳ ᠦᠬᠦᠬᠡᠳ ᠲᠠᠭᠤᠰᠤᠨ᠎ᠠ ᠬᠡᠵᠤ ᠤᠤ︖ ᠮᠠᠨᠠᠶᠢᠬᠡᠨ ᠤ ᠨᠢᠬᠡ ᠵᠠᠯᠠᠭᠤ ᠠᠷᠢᠬᠢ ᠤᠤᠭᠤᠵᠤ ᠪᠠᠶᠢᠨ᠎ᠠ᠃ ᠦᠵᠡᠭᠰᠡᠨ ᠪᠤᠯᠭᠠᠨ ︽ᠡᠰᠡ ᠮᠡᠳᠡᠭᠴᠢᠨ︾ ᠴᠢᠷᠠᠶᠢᠯᠠᠵᠤ ᠬᠡᠯᠡᠬᠦ ᠦᠬᠡᠢ ᠦᠩᠬᠡᠷᠡᠨ᠎ᠡ᠃ ᠶᠠᠭᠠᠬᠢᠭᠠᠳ ᠬᠡᠯᠡᠳᠡᠭ ᠦᠬᠡᠢ ᠪᠤᠢ︖ ᠬᠡᠬᠦ ᠳᠤ ︽ᠬᠡᠯᠡᠬᠡᠳ ᠴᠤ ᠦᠬᠡ ᠰᠤᠨᠤᠰᠬᠤ ᠦᠬᠡᠢ︾ ᠬᠡᠨ᠎ᠡ᠃ ᠲᠡᠷᠡ ᠴᠤ ᠮᠠᠭᠠᠳ᠃ ᠬᠡᠳᠡᠯ᠎ᠡ ᠬᠦᠮᠤᠨ ᠪᠤᠯᠭᠠᠨ ᠲᠡᠬᠦᠨ ᠢ ᠬᠡᠯᠡᠪᠡ ᠤᠤ︖ ᠬᠡᠳᠡᠭ ᠠᠰᠠᠭᠤᠳᠠᠯ ᠭᠠᠷᠤᠨ᠎ᠠ᠃ ᠬᠡᠯᠡᠯᠬᠡᠨ ᠦᠬᠡᠢ ᠨᠢᠬᠡ ᠬᠤᠶᠠᠷ ᠬᠦᠮᠤᠨ ᠬᠡᠯᠡᠬᠡᠳ ᠭᠤᠷᠢ ᠦᠬᠡᠢ᠃ ᠬᠡᠪᠡᠴᠤ ᠬᠦᠮᠤᠨ ᠪᠤᠯᠭᠠᠨ᠂ ᠦᠵᠡᠭᠰᠡᠨ ᠭᠠᠵᠠᠷ ᠪᠤᠯᠭᠠᠨ ᠬᠡᠯᠡᠬᠦ ᠳᠤ ᠬᠦᠷᠪᠡᠯ ᠨᠢᠬᠡ ᠪᠤᠯ ᠲᠡᠷᠡ ᠵᠠᠯᠠᠭᠤ ᠠᠷᠢᠬᠢ ᠪᠠᠨ ᠵᠤᠭᠰᠤᠨ᠎ᠠ᠃ ᠦᠬᠡᠢ ᠪᠤᠯ ᠦᠬᠦᠨ᠎ᠡ᠃ ᠡᠶᠢᠮᠤ ᠬᠤᠶᠠᠷᠬᠠᠨ ᠵᠠᠮ ᠠᠴᠠ ᠲᠡᠷᠡ ᠯᠠᠪᠲᠠᠢ ᠡᠮᠤᠨᠡᠬᠢ ᠶᠢ ᠨᠢ ᠰᠤᠩᠭᠤᠬᠤ ᠪᠠᠶᠢᠬ᠎ᠠ︕      ᠲᠡᠬᠡᠬᠦᠯᠡᠷ ᠨᠢᠬᠡ ᠬᠦᠮᠤᠨ ᠨᠠᠮ᠎ᠠ ᠳᠤ ᠤᠳᠤ ᠶᠢᠨ ᠬᠦᠮᠤᠨ ᠤᠨᠳᠤᠤ ᠶᠠᠭᠤᠮ᠎ᠠ ᠪᠤᠯᠤᠭᠰᠠᠨ᠂ ᠲᠡᠭᠷᠢ ᠲᠡᠬᠡᠷ᠎ᠡ  ᠠᠴᠠ ᠴᠢᠯᠠᠭᠤ ᠤᠨᠠᠬᠤ ᠲᠡᠬᠡᠷ᠎ᠡ ᠬᠦᠷᠪᠡᠯ ᠠᠷᠪᠠᠨ ᠬᠦᠮᠤᠨ ᠠᠷᠪᠠᠭᠤᠯᠠ ᠪᠠᠨ ᠦᠵᠡᠭᠰᠡᠨ ᠪᠤᠯᠪᠠᠴᠤ ᠦᠪᠡᠷ ᠤᠨ ᠬᠢᠨᠢ ᠲᠤᠯᠤᠭᠠᠢ ᠲᠡᠬᠡᠷ᠎ᠡ ᠤᠨᠠᠬᠤ ᠠᠴᠠ ᠨᠠᠰᠢ ᠴᠢᠯᠠᠭᠤ ᠤᠨᠠᠯ᠎ᠠ ᠬᠡᠵᠤ ᠬᠡᠯᠡᠬᠦ ᠦᠬᠡᠢ ᠬᠡᠵᠤ ᠪᠠᠶᠢᠪᠠ᠃ ᠬᠠᠷᠢᠨ ᠵᠠᠷᠢᠮ ᠨᠢ ᠦᠪᠡᠷ ᠤᠨ ᠬᠢᠨᠢ ᠲᠤᠯᠤᠭᠠᠢ ᠲᠡᠬᠡᠷ᠎ᠡ ᠴᠢᠯᠠᠭᠤ ᠤᠨᠠᠭᠰᠠᠨ ᠪᠤᠯᠪᠠᠴᠤ ᠯᠠᠪ ᠦᠬᠡᠷ᠎ᠡ ᠬᠦᠮᠤᠨ ᠤ ᠲᠤᠯᠤᠭᠠᠢ ᠲᠡᠬᠡᠷ᠎ᠡ ᠪᠠᠰᠠ ᠠᠳᠠᠯᠢᠬᠠᠨ ᠤᠨᠠᠭᠠᠬᠤ ᠬᠡᠮᠡᠵᠤ ᠬᠡᠯᠡᠬᠦ ᠦᠬᠡᠢ ᠪᠠᠶᠢᠬ᠎ᠠ᠃ ᠦᠨᠡᠨᠳᠡᠬᠡᠨ ᠬᠦᠮᠤᠨ ᠤ ᠶᠢᠷᠳᠢᠨᠴᠤ ᠪᠠᠶᠢᠳᠤᠭᠠᠢ ᠪᠦᠬᠦᠶᠢᠯᠡ ᠪᠠᠶᠢᠭᠠᠯᠢ ᠶᠢᠷᠳᠢᠨᠴᠤ ᠪᠦᠷ ᠬᠠᠷᠢᠯᠴᠠᠨ ᠲᠦᠰᠢᠯᠴᠡᠨ ᠤᠷᠤᠰᠢᠵᠤ ᠪᠠᠶᠢᠳᠠᠭ᠃ ᠪᠠᠶᠢᠭᠠᠯᠢ ᠳᠤ ᠤᠷᠤᠰᠢᠬᠤ ᠠᠮᠢᠳᠠᠨ ᠪᠤᠳᠠᠰ ᠬᠦᠷᠳᠡᠯ᠎ᠡ ᠬᠠᠷᠢᠯᠴᠠᠨ ᠲᠦᠰᠢᠯᠴᠡᠵᠤ ᠪᠠᠶᠢᠳᠠᠯ᠎ᠠ ᠪᠠᠶᠢᠭᠠᠯᠢ ᠶᠢᠷᠳᠢᠨᠴᠤ ᠶᠢᠨ ᠤᠬᠢ ᠪᠤᠯᠤᠭᠰᠠᠨ ᠬᠦᠮᠤᠨ ᠲᠦᠷᠤᠯᠬᠢᠳᠠᠨ ᠬᠠᠷᠢᠨ ︽ᠡᠰᠡ ᠮᠡᠳᠡᠭᠴᠢᠨ︾ ᠴᠢᠷᠠᠶᠢᠯᠠᠬᠤ ᠬᠡᠭᠴᠢ ᠬᠠᠴᠢᠨ ᠬᠡᠷᠡᠭ ᠪᠤᠯᠴᠢᠬᠠᠪᠠ᠃ ᠪᠤᠯᠬᠤ ᠪᠤᠯᠬᠤ ᠶᠢᠨ ᠲᠤᠳᠤᠷ᠎ᠠ ᠵᠠᠭᠤᠨ ᠢ ᠡᠵᠡᠯᠡᠵᠤ ᠶᠠᠪᠤᠭᠰᠠᠨ ᠮᠤᠩᠭᠤᠯᠴᠤᠳ ᠨᠡᠩ ᠡᠶᠢᠮᠤ ᠪᠤᠯᠴᠢᠬᠠᠬᠤ ᠬᠡᠭᠴᠢ ᠶᠢ ᠦᠬᠦᠯᠡᠬᠦᠶ᠎ᠡ ᠪᠡᠷᠬᠡ ᠠᠵᠠᠢ᠃ ᠮᠤᠩᠭᠤᠯᠴᠤᠳ ᠮᠠᠨᠢ ᠠᠶᠢᠮᠠᠭ ᠪᠦᠯᠦᠭ ᠬᠡᠮᠡᠨ ᠦᠷᠢᠰᠤᠯᠳᠤᠵᠤ ᠦᠰᠢᠯᠳᠤᠵᠤ ᠪᠠᠶᠢᠭᠰᠠᠨ ᠪᠤᠯ ᠤᠳᠤ ᠬᠠᠷᠢᠨ ᠠᠶᠢᠯ ᠠᠶᠢᠯ ᠢᠶᠠᠷ ᠢᠶᠠᠨ ᠬᠤᠪᠢᠴᠢᠯᠠᠵᠤ ᠠᠮᠢᠳᠤᠷᠠᠬᠤ ᠪᠤᠯᠤᠭᠰᠠᠨ ᠪᠤᠶᠤ⁈ ᠬᠡᠷᠪᠡ ᠠᠶᠢᠯ ᠨᠢ ᠵᠠᠳᠠᠷᠠᠭᠠᠳ ᠠᠮᠢ ᠠᠮᠢ ᠪᠠᠨ ᠬᠦᠬᠡᠬᠡᠬᠦ ᠪᠤᠯᠬᠤ ᠦᠶᠡᠰ ᠮᠠᠨᠠᠶᠢᠬᠡᠨ ᠤ ᠤᠷᠴᠢᠨ ᠴᠤᠬᠤᠮ ᠶᠠᠭᠤ ᠪᠤᠯᠬᠤ ᠶᠢ ᠲᠦᠰᠤᠪᠯᠡᠬᠦᠶ᠎ᠡ ᠦᠨᠡᠬᠡᠷ ᠪᠡᠷᠬᠡ᠃ ᠲᠡᠬᠡᠬᠦᠯᠡᠷ ᠪᠢᠳᠠ ᠬᠠᠮᠳᠤᠷᠠᠯᠴᠠᠶ᠎ᠠ᠂ ᠬᠠᠪᠰᠤᠷᠤᠯᠴᠠᠶ᠎ᠠ᠃ ᠲᠡᠷᠡᠬᠦ ︽ᠡᠰᠡ ᠮᠡᠳᠡᠭᠴᠢᠨ ᠴᠢᠷᠠᠢ︾ ᠪᠠᠨ ᠤᠷᠬᠢᠵᠤ ᠨᠢᠬᠡ ᠨᠢᠬᠡ ᠶᠢ ᠪᠠᠨ ᠮᠡᠳᠡᠵᠤ ᠶᠠᠪᠤᠴᠠᠭᠠᠶ᠎ᠠ︕      
 
ᠢᠷᠡᠯᠲᠡ᠄ ᠠᠯᠠᠱᠠ ᠵᠡᠭᠦᠨ ᠬᠤᠰᠢᠭᠤᠨ ᠤ ᠵᠠᠰᠠᠭ ᠤᠨ ᠣᠷᠳᠣᠨ ᠤ ᠮᠣᠩᠭᠤᠯ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号