| | | ᠵᠠᠩᠭᠠᠨᠤᠷᠪᠤ | | ᠴᠡᠴᠡᠭ ᠰᠤᠨᠢᠶᠠᠬᠤᠢ ᠲᠠᠭᠤᠨ ᠢᠶᠠᠷ | ᠴᠢᠪᠡᠷᠬᠡᠨ ᠰᠤᠯᠤᠩᠭᠠ ᠦᠩᠬᠡ ᠬᠠᠤᠶᠢᠷᠠᠨᠠ | ᠴᠡᠬᠡᠯᠬᠡᠨ ᠤᠰᠤᠨ ᠲᠤᠯᠬᠢᠶᠠ ᠵᠠᠮᠬᠠᠷᠠᠨᠠ | ᠴᠢᠮᠡᠬᠡᠬᠦᠶᠢᠬᠡᠨ ᠨᠠᠷᠠᠨ ᠦᠷᠬᠦᠯᠡᠨᠡ᠃ | ᠴᠡᠴᠡᠭ ᠰᠤᠨᠢᠶᠠᠬᠤᠢ ᠲᠠᠭᠤᠨ ᠢᠶᠠᠷ | ᠴᠢᠭᠡᠭ ᠤᠨ ᠲᠤᠰᠤᠯ ᠦᠨᠤᠴᠢᠷᠠᠨᠠ | ᠴᠢᠪᠬᠦ ᠶᠢᠨ ᠵᠡᠬᠦᠳᠤᠨ ᠦᠷᠬᠦᠨᠡ | ᠴᠡᠬᠡᠵᠢᠨ ᠳᠠᠬᠢ ᠪᠠᠭᠳᠡᠷᠡᠯ ᠲᠡᠯᠪᠡᠷᠡᠨᠡ᠃ | ᠴᠡᠴᠡᠭ ᠰᠤᠨᠢᠶᠠᠬᠤᠢ ᠲᠠᠭᠤᠨ ᠢᠶᠠᠷ | ᠤᠭᠳᠠᠷᠭᠤᠢ ᠬᠦᠨᠵᠡᠯᠡ ᠪᠠᠨ ᠲᠠᠳᠠᠨᠠ | ᠤᠳᠤᠳ ᠲᠤᠯᠤᠭᠠᠢ ᠪᠠᠨ ᠴᠤᠬᠤᠶᠢᠯᠭᠠᠨᠠ | ᠤᠶᠠᠬᠠᠨ ᠲᠠᠭᠤᠨ ᠬᠦᠮᠤᠨ ᠲᠠᠨ ᠢ ᠬᠠᠶᠢᠯᠠᠨᠠ᠃ | ᠴᠡᠴᠡᠭ ᠰᠤᠨᠢᠶᠠᠬᠤᠢ ᠲᠠᠭᠤᠨ ᠢᠶᠠᠷ | ᠴᠡᠩᠬᠡᠯ ᠤᠨ ᠭᠠᠵᠠᠷ ᠤᠰᠤᠨ ᠪᠠᠶᠠᠰᠤᠨᠠ | ᠴᠢᠩᠬᠢᠰ ᠤᠨ ᠠᠳᠤᠭᠤᠳ ᠢᠨᠴᠠᠭᠠᠯᠳᠤᠨᠠ | ᠴᠢᠩ ᠬᠠᠶᠢᠷᠠ ᠶᠢᠨ ᠲᠤᠤᠯᠢ ᠤᠷᠤᠰᠤᠨᠠ᠃ | | | | |