﹇ᠤᠷᠠᠨ ᠵᠣᠬᠢᠶᠠᠯ﹈  ᠵᠢᠷᠤᠬᠡ ᠴᠢᠮ᠎ᠠ ᠳᠤ ᠡᠷᠳᠡᠮ ᠠᠴᠠ ᠢᠯᠡᠬᠦᠤ ᠬᠡᠷᠡᠭᠴᠡᠭᠡ ᠲᠠᠢ ᠪᠠᠶᠢᠨ᠎ᠠ
ᠨᠡᠶᠢᠲᠡᠯᠡᠭᠰᠡᠨ ᠴᠠᠭ᠄
2024/7/10
ᠵᠠᠩᠭᠠᠨᠤᠷᠪᠤ      ᠲᠤᠯᠤᠭ᠎ᠠ      ᠰᠤᠷᠤᠭᠴᠢ᠄ ᠪᠠᠭᠰᠢ ᠡ᠂ ᠲᠠ ᠶᠠᠭᠠᠬᠢᠭᠠᠳ ᠨᠠᠳᠠ ᠵᠢᠷᠤᠬᠡ  ᠪᠠᠨ ᠦᠭᠴᠢᠬᠡᠪᠡ︖      ᠪᠠᠭᠰᠢ᠄ ᠵᠢᠷᠤᠬᠡ ᠴᠢᠮ᠎ᠠ ᠳᠤ ᠡᠷᠳᠡᠮ ᠠᠴᠠ ᠢᠯᠡᠬᠦᠤ ᠬᠡᠷᠡᠭᠴᠡᠭᠡ ᠲᠠᠢ ᠪᠠᠶᠢᠨ᠎ᠠ ᠰᠢᠤ︕      ᠨᠠᠢᠮᠠ      ᠦᠬᠢᠨ᠄ ᠬᠠᠯᠠᠭᠤᠨ ᠭᠠᠷ ᠢᠶᠠᠨ ᠦᠭᠬᠦ ᠠᠴᠠ ᠪᠢᠰᠢ ᠬᠠᠶᠢᠷ᠎ᠠ ᠶᠢᠨ ᠠᠯᠳᠠᠨ ᠪᠦᠬᠡᠵᠢ ᠪᠠᠨ ᠶᠠᠭᠠᠬᠢᠭᠠᠳ ᠦᠭᠬᠦ ᠦᠬᠡᠢ ᠪᠠᠶᠢᠨ᠎ᠠ︖      ᠬᠦᠤ᠄ ᠬᠠᠶᠢᠷ᠎ᠠ ᠲᠤᠷᠠᠯᠠᠯ ᠲᠡᠬᠡᠷ᠎ᠡ ᠬᠠᠷ᠎ᠠ ᠠᠯᠳᠠ ᠶᠢ ᠪᠦᠳᠤᠬᠡᠵᠤ ᠴᠢᠳᠠᠬᠤ ᠬᠠᠯᠠᠭᠤᠨ ᠭᠠᠷ ᠢᠶᠠᠨ ᠦᠭᠴᠤ ᠪᠠᠶᠢᠨ᠎ᠠ ᠰᠢᠤ ᠁      ᠶᠢᠰᠤ      ᠦᠬᠢᠨ᠄ ᠮᠠᠨ ᠤ ᠬᠠᠳᠠᠮ ᠠᠪᠤ ᠰᠦᠷ ᠵᠤᠭᠤᠰ ᠲᠠᠢ ᠰᠢᠤ︕      ᠡᠵᠢ᠄ ᠬᠠᠳᠠᠮ ᠠᠪᠤ ᠴᠢᠨᠢ ᠬᠡᠷᠪᠡ ᠦᠩᠬᠡᠨ ᠳᠤ ᠲᠤᠷᠠᠲᠠᠢ ᠪᠤᠯ ᠨᠠᠮ᠎ᠠ ᠶᠢ ᠪᠤᠳᠤᠯᠬᠢᠯᠡᠵᠤ ᠪᠠᠶᠢᠭᠠᠷᠠᠢ ᠬᠡᠵᠤ ᠬᠡᠯᠡᠬᠡᠷᠡᠢ︕      ᠠᠷᠪᠠ      ᠬᠦᠮᠤᠨ᠄ ᠡᠳ᠋ ᠮᠦᠩᠬᠦ ᠪᠠᠨ ᠦᠭᠬᠦᠬᠡᠴᠢ︕      ᠬᠤᠷᠮᠤᠰᠳᠠ᠄ ᠪᠤᠯᠤᠨ᠎ᠠ᠃ ᠠᠮᠢ ᠨᠠᠰᠤᠨ ᠤ ᠪᠠᠨ ᠠᠷᠪᠠᠨ ᠵᠢᠯ ᠢ ᠦᠭᠬᠦᠪᠡᠯ ᠠᠮᠢᠳᠤᠷᠠᠭᠠᠳ ᠬᠦᠷᠬᠦ ᠡᠳ᠋ ᠮᠦᠩᠬᠦ ᠦᠭᠬᠦᠶ᠎ᠡ᠃ ᠬᠤᠷᠢᠨ ᠵᠢᠯ ᠢ ᠦᠭᠬᠦᠪᠡᠯ ᠵᠠᠷᠤᠭᠠᠳ ᠬᠦᠷᠬᠦ ᠡᠳ᠋ ᠮᠦᠩᠬᠦ ᠦᠭᠬᠦᠶ᠎ᠡ᠃ ᠭᠤᠴᠢᠨ ᠵᠢᠯ ᠢ ᠦᠭᠬᠦᠪᠠᠯ ᠬᠡᠷᠡᠭᠯᠡᠬᠡᠳ ᠪᠠᠷᠠᠬᠤ ᠦᠬᠡᠢ ᠡᠳ᠋ ᠮᠦᠩᠬᠦ ᠦᠭᠬᠦᠶ᠎ᠡ᠃ ᠲᠦᠴᠢᠨ ᠵᠢᠯ ᠢ ᠦᠭᠬᠦᠪᠡᠯ ᠲᠤᠭᠠᠯᠠᠭᠠᠳ ᠪᠠᠷᠠᠬᠤ ᠦᠬᠡᠢ ᠡᠳ᠋ ᠮᠦᠩᠬᠦ ᠦᠭᠬᠦᠶ᠎ᠡ᠃      ᠬᠦᠮᠤᠨ᠄ ᠡᠳ᠋ ᠮᠦᠩᠬᠦ ᠶᠢ ᠴᠢᠨᠢ ᠪᠤᠴᠠᠭᠠᠵᠤ ᠦᠭᠬᠦᠶ᠎ᠡ᠂ ᠠᠮᠢ ᠨᠠᠰᠤ ᠪᠠᠨ ᠠᠪᠤᠶ᠎ᠠ︕      ᠬᠤᠷᠮᠤᠰᠳᠠ᠄ ᠲᠤᠭᠠᠯᠠᠭᠠᠳ ᠪᠠᠷᠠᠰᠢ ᠦᠬᠡᠢ ᠡᠳ᠋ ᠮᠦᠩᠬᠦ ᠪᠠᠨ ᠦᠭᠬᠦᠪᠡᠯ ᠠᠷᠪᠠᠨ ᠵᠢᠯ ᠤᠨ ᠠᠮᠢ ᠨᠠᠰᠤ ᠦᠭᠬᠦᠶ᠎ᠡ︕      ᠬᠦᠮᠤᠨ᠄ ᠪᠤᠰᠤᠳ ᠨᠢ ᠶᠠᠭᠠᠬᠢᠴᠢᠬᠠᠭᠰᠠᠨ ᠪᠤᠢ︖      ᠬᠤᠷᠮᠤᠰᠳᠠ᠄ ᠪᠤᠰᠤᠳ ᠢ ᠨᠢ ᠬᠦᠤ ᠮᠦᠩᠬᠦᠨ ᠳᠤ ᠪᠤᠳᠤᠴᠢᠬᠠᠭᠰᠠᠨ ᠰᠢᠤ︕      ᠠᠷᠪᠠ ᠨᠢᠬᠡ      ᠡᠪᠤᠬᠡᠨ᠄ ᠦᠬᠦᠯ ᠡ᠂ ᠴᠢ ᠨᠠᠮ᠎ᠠ ᠶᠢ ᠮᠠᠷᠳᠠᠴᠢᠬᠠᠭᠰᠠᠨ ᠪᠠᠶᠢᠨ᠎ᠠ ᠰᠢᠤ︕      ᠦᠬᠦᠯ᠄ ᠡᠪᠤᠬᠡᠨ ᠡ᠂ ᠴᠢ ᠦᠬᠦᠯ ᠢ ᠮᠠᠷᠳᠠᠭᠠᠳ ᠤᠯᠠᠨ ᠵᠢᠯ ᠪᠤᠯᠤᠭᠰᠠᠨ ᠪᠠᠶᠢᠨ᠎ᠠ ᠰᠢᠤ︕      ᠵᠠᠮ  ᠤᠨ ᠵᠠᠳᠠᠭᠠᠢ      ᠠᠷᠪᠠᠨ ᠬᠤᠶᠠᠷ      — ᠴᠢᠳᠬᠦᠷ ᠬᠠᠮᠢᠭ᠎ᠠ ᠠᠴᠠ ᠢᠷᠡᠭᠰᠡᠨ ᠪᠤᠢ︖      — ᠬᠦᠮᠤᠨ ᠠᠴᠠ ᠯᠠ ᠢᠷᠡᠵᠠᠢ᠃      — ᠪᠤᠷᠬᠠᠨ ᠬᠠᠮᠢᠭ᠎ᠠ ᠠᠴᠠ ᠢᠷᠡᠭᠰᠡᠨ ᠪᠤᠢ︖      — ᠴᠢᠳᠬᠦᠷ ᠠᠴᠠ ᠢᠷᠡᠵᠠᠢ᠃
 
ᠢᠷᠡᠯᠲᠡ᠄ ᠠᠯᠠᠱᠠ ᠵᠡᠭᠦᠨ ᠬᠤᠰᠢᠭᠤᠨ ᠤ ᠵᠠᠰᠠᠭ ᠤᠨ ᠣᠷᠳᠣᠨ ᠤ ᠮᠣᠩᠭᠤᠯ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号