| | | ᠰᠣᠷᠪᠤᠯᠵᠢᠯᠠᠬᠴᠢ ᠡᠷᠳᠡᠨᠢᠴᠡᠴᠡᠭ | ᠮᠣᠩᠭᠤᠯ ᠬᠤᠭᠤᠯᠠ ᠵᠠᠭᠤᠰᠢ᠂ ᠭᠠᠳᠠᠭᠠᠳᠤ ᠬᠤᠭᠤᠯᠠ ᠵᠠᠭᠤᠰᠢ ᠶᠢ ᠠᠭᠤᠰᠤᠯᠴᠠᠭᠤᠯᠤᠨ ᠣᠷᠣᠨ | ᠨᠤᠲᠤᠭ ᠤᠨ ᠣᠨᠴᠠᠯᠢᠭᠲᠤ ᠬᠤᠭᠤᠯᠠ ᠵᠠᠭᠤᠰᠢ ᠪᠣᠯᠭᠠᠨ ᠪᠠᠵᠠᠭᠠᠵᠤ᠂ ᠬᠦᠷᠦᠯᠴᠡᠨ ᠢᠷᠡᠭᠰᠡᠨ ᠵᠣᠴᠢᠳ ᠲᠠᠭᠠᠨ | ᠬᠠᠯᠠᠭᠤᠮᠰᠤᠭ ᠦᠢᠯᠡᠴᠢᠯᠡᠭᠡ ᠬᠠᠩᠭᠠᠵᠤ ᠶᠠᠪᠤᠭ᠎ᠠ ᠵᠠᠯᠠᠭᠤ ᠶᠢ ᠭᠠᠳᠠᠮᠠᠶᠢᠷᠠᠨ ᠭᠡᠳᠡᠭ᠂ ᠲᠡᠷᠡᠪᠡᠷ ᠠᠯᠠᠱᠠ ᠵᠡᠭᠦᠨ | ᠬᠤᠰᠢᠭᠤᠨ ᠤ ᠣᠯᠠᠨᠪᠤᠯᠠᠭ ᠪᠠᠯᠭᠠᠰᠤᠨ ᠤ ᠴᠠᠭᠠᠨᠳᠠᠷᠡᠰᠤ ᠭᠠᠴᠠᠭᠠᠨ ᠳᠤ ᠨᠤᠲᠤᠭ ᠲᠠᠢ ᠪᠢᠯᠡ᠃ | ᠭᠠᠳᠠᠮᠠᠶᠢᠷᠠᠨ ᠤ ᠡᠵᠡᠩᠨᠡᠵᠦ ᠪᠠᠶᠢᠭ᠎ᠠ ︽ᠤᠴᠠᠷᠠᠯ︾ ᠬᠤᠭᠤᠯᠠᠨ ᠭᠡᠷ ᠨᠢ ᠪᠠᠶᠠᠨᠬᠤᠲᠠ ᠶᠢᠨ ᠭᠤᠣᠯ | ᠵᠡᠭᠡᠯᠢ ᠶᠢᠨ ᠺᠠᠢ ᠶᠤᠸᠠᠨ ᠭᠡᠳᠤ ᠳᠡᠯᠭᠡᠭᠦᠷ ᠤᠨ ᠵᠡᠭᠦᠨ ᠬᠤᠶᠢᠨ᠎ᠠ ᠲᠠᠯ᠎ᠠ ᠳᠤ ᠪᠠᠶᠢᠷᠢᠯᠠᠵᠤ ᠪᠠᠶᠢᠭ᠎ᠠ ᠪᠣᠯᠬᠤᠷ ᠨᠠᠭᠠᠰᠢ | ᠴᠠᠭᠠᠰᠢ ᠵᠣᠷᠴᠢᠬᠤ ᠬᠥᠮᠥᠰ ᠤᠨ ᠠᠩᠬᠠᠷᠤᠯ ᠳᠤ ᠭᠦᠷᠳᠡᠭ᠃ ᠬᠡᠳᠦᠶᠢᠪᠡᠷ ᠬᠤᠭᠤᠯᠠᠨ ᠭᠡᠷ ᠨᠢ ᠳᠡᠶᠢᠮᠣ ᠶᠡᠭᠡ ᠪᠢᠰᠢ | ᠪᠤᠯᠪᠠᠴᠣ ᠡᠳᠦᠷ ᠪᠦᠷᠢ ᠵᠣᠴᠢᠳ ᠢᠶᠠᠷ ᠳᠦᠭᠦᠷᠴᠦ᠂ ᠠᠮᠲᠠᠲᠤ ᠵᠠᠭᠤᠰᠢ ᠪᠠᠷ ᠢᠶᠠᠨ ᠬᠤᠯᠠ ᠣᠶᠢᠷ᠎ᠠ ᠶᠢᠨ | ᠬᠥᠮᠥᠰ ᠤᠨ ᠲᠠᠭᠠᠰᠢᠶᠠᠯ ᠢ ᠣᠯᠵᠤ᠂ ᠬᠥᠮᠥᠰ ᠤᠷᠢᠳᠴᠢᠯᠠᠨ ᠪᠣᠯᠵᠣᠭᠠᠳ ᠪᠡᠯᠡᠨ ᠪᠤᠯᠭᠤᠬᠰᠠᠨ ᠮᠢᠬ᠎ᠠ᠂ ᠪᠢᠲᠡᠭᠦᠦ | ᠱᠥᠯᠥ᠂ ᠫᠢᠰᠠ᠂ ᠦᠬᠡᠷ ᠤᠨ ᠮᠢᠬ᠎ᠠ ᠲᠠᠢ ᠭᠤᠯᠢᠷ᠂ ᠪᠠᠩᠰᠢ᠂ ᠬᠠᠮᠪᠦ᠋ᠷᠡᠭ ᠵᠡᠷᠭᠡ ᠠᠮᠲᠠᠲᠤ ᠵᠠᠭᠤᠰᠢ ᠶᠢ ᠭᠦᠷᠳᠡᠳᠡᠭ | ᠪᠢᠯᠡ᠃ | ᠭᠠᠳᠠᠮᠠᠶᠢᠷᠠᠨ ᠠᠷᠪᠠᠭᠠᠳ ᠵᠢᠯ ᠶᠠᠫᠤᠨ ᠤᠯᠤᠰ ᠲᠤ ᠠᠵᠢᠯᠯᠠᠵᠤ ᠠᠮᠢᠳᠤᠷᠠᠵᠤ ᠪᠠᠶᠢᠭᠰᠠᠨ ᠠᠵᠢ᠃ ᠲᠡᠷᠡᠪᠡᠷ | 2006 ᠣᠨ ᠳᠤ ᠶᠠᠫᠤᠨ ᠤᠯᠤᠰ ᠤᠨ ᠳᠣᠺᠢᠤ᠋ ᠬᠤᠳᠠ ᠳᠤ ᠣᠴᠢᠵᠤ ᠭᠠᠳᠠᠭᠠᠳᠤ ᠬᠡᠯᠡᠨ ᠤ ᠲᠤᠰᠬᠠᠢ ᠮᠡᠷᠭᠡᠵᠢᠯ ᠤᠨ | ᠰᠤᠷᠭᠠᠭᠤᠯᠢ ᠳᠤ ᠰᠣᠷᠣᠯᠴᠠᠨ᠂ 2010 ᠣᠨ ᠳᠤ ᠳᠣᠺᠢᠤ᠋ ᠬᠤᠳᠠ ᠶᠢᠨ vernes ᠲᠠᠮᠢᠷ ᠤᠨ ᠰᠤᠷᠭᠠᠭᠤᠯᠢ ᠳᠤ | ᠰᠣᠷᠣᠯᠴᠠᠵᠣ᠂ 2012 ᠣᠨ ᠳᠤ ᠲᠣᠺᠢᠤ᠋ ᠬᠤᠳᠠ ᠶᠢᠨ ᠯᠢ ᠵᠧᠩ ᠶᠡᠭᠡ ᠰᠤᠷᠭᠠᠭᠤᠯᠢ ᠶᠢᠨ ᠠᠵᠤ ᠠᠬᠤᠢ ᠶᠢᠨ | ᠰᠠᠯᠪᠤᠷᠢ ᠠᠴᠠ ᠰᠤᠳᠤᠯᠬᠤ ᠰᠤᠷᠤᠬᠴᠢ ᠪᠠᠷ ᠲᠡᠭᠦᠰᠦᠭᠡᠳ᠂ 2015 ᠣᠨ ᠳᠤ ᠳᠣᠺᠢᠤ᠋ ᠬᠤᠳᠠ ᠶᠢᠨ ᠭᠠᠵᠠᠷ ᠢ | ᠬᠡᠮᠵᠢᠵᠦ ᠵᠢᠷᠤᠭᠯᠠᠨ ᠲᠥᠰᠥᠪᠯᠡᠬᠦ ᠺᠤᠮᠫᠠᠨᠢ ᠳᠤ ᠨᠢᠭᠡ ᠵᠢᠯ ᠠᠵᠢᠯᠯᠠᠵᠠᠢ᠃ ᠳᠡᠷᠡ 2016 ᠣᠨ ᠳᠤ ᠥᠪᠡᠷ ᠢᠶᠠᠨ | ᠠᠳᠠᠯ ᠦᠢᠯᠡᠰ ᠪᠣᠰᠬᠠᠨ ︽ᠠᠵᠢᠨᠠᠢ ᠪᠠᠷᠢᠯᠭ᠎ᠠ ᠶᠢᠨ ᠺᠤᠮᠫᠠᠨᠢ︾ ᠶᠢ ᠡᠭᠦᠰᠬᠡᠨ ᠪᠠᠶᠢᠭᠤᠯᠵᠤ᠂ ᠠᠰᠢᠭ ᠣᠷᠣᠯᠭ᠎ᠠ | ᠰᠠᠶᠢᠲᠠᠢ ᠬᠡᠳᠦᠨ ᠵᠢᠯ ᠢ ᠥᠩᠭᠡᠷᠡᠭᠡᠭᠰᠡᠨ ᠠᠵᠢ᠃ ᠲᠡᠶᠢᠨᠬᠦ 2019 ᠣᠨ ᠳᠤ ᠠᠯᠠᠱᠠ ᠨᠤᠲᠤᠭ ᠲᠠᠭᠠᠨ ᠬᠠᠷᠢᠵᠤ | ᠴᠠᠭᠠᠯᠠᠬᠤ ᠲᠠᠰᠢᠷᠠᠮ ᠳᠤ ᠬᠢᠵᠢᠭ ᠤᠨ ᠬᠥᠯ ᠬᠤᠷᠢᠭ᠎ᠠ ᠪᠣᠯᠤᠭᠰᠠᠨ ᠠᠴᠠ ᠣᠳᠣ ᠪᠤᠯᠳᠠᠯ᠎ᠠ ᠳᠠᠭᠢᠵᠣ ᠶᠠᠫᠤᠨ | ᠤᠯᠤᠰ ᠲᠤ ᠪᠤᠴᠠᠭᠰᠠᠨ ᠦᠭᠡᠢ ᠪᠠᠶᠢᠵᠠᠢ᠃ ᠬᠥᠮᠥᠨ ᠤ ᠭᠠᠵᠠᠷ ᠬᠥᠨᠳᠡᠯᠡᠨ ᠤ ᠨᠤᠲᠤᠭ ᠲᠤ ᠬᠠᠯᠠ ᠦᠵᠡᠵᠦ | ᠬᠠᠯᠠᠭᠤᠨ ᠴᠢᠯᠠᠭᠤ ᠳᠣᠯᠢᠶᠠᠵᠤ ᠶᠠᠪᠤᠭᠰᠠᠨ ᠬᠦᠴᠢᠷ ᠵᠤᠪᠠᠯᠠᠩ ᠢ ᠭᠠᠳᠠᠮᠠᠶᠢᠷᠠᠨ ᠠᠨᠳᠠᠬᠤ ᠦᠭᠡᠢ ᠮᠡᠳᠡᠨ᠎ᠡ᠂ | ᠳᠡᠭᠡᠭᠦ ᠪᠠᠷ ᠠᠵᠢᠯ ᠳᠠᠭᠠᠨ ᠭᠠᠷᠮᠠᠭᠠᠢ ᠳᠠᠳᠮᠠᠭᠠᠢ ᠪᠣᠯᠵᠤ᠂ ᠠᠷᠠᠯᠵᠢᠶ᠎ᠠ ᠬᠤᠳᠠᠯᠳᠤᠭᠠᠨ ᠳᠤ ᠴᠢᠳᠠᠮᠠᠭᠠᠢ | ᠪᠣᠯᠴᠢᠬᠠᠭᠰᠠᠨ ᠨᠢ ᠢᠯᠡᠷᠬᠡᠢ ᠪᠠᠶᠢᠯ᠎ᠠ᠃ | ᠡᠳᠡᠭᠡᠷ ᠵᠢᠯ ᠤᠳ ᠲᠤ ᠭᠠᠳᠠᠮᠠᠶᠢᠷᠠᠨ ᠬᠥᠳᠡᠭᠡ ᠨᠤᠲᠤᠭ ᠲᠠᠭᠠᠨ ᠪᠤᠴᠠᠨ ᠢᠷᠡᠵᠣ᠂ ᠲᠡᠮᠡᠭᠡ ᠮᠠᠯ ᠢᠶᠠᠨ | ᠠᠬᠤᠶᠢᠯᠠᠨ ᠡᠵᠢ ᠳᠡᠭᠡᠨ ᠳᠡᠮ ᠲᠤᠰᠠ ᠪᠣᠯᠵᠤ ᠶᠠᠪᠤᠵᠠᠢ᠃ ᠬᠦᠦ ᠪᠠᠨ ᠰᠠᠨᠠᠵᠤ ᠰᠠᠷᠪᠠᠶᠢᠳᠠᠭ ᠨᠢ ᠡᠵᠢ ᠬᠥᠮᠥᠨ ᠯᠠ | ᠳ᠋ᠡ᠂ ᠬᠦᠦ ᠪᠠᠨ ᠬᠠᠷᠢ ᠤᠯᠤᠰ ᠲᠤ ᠶᠠᠪᠤᠭᠤᠯᠬᠤ ᠦᠭᠡᠢ ᠭᠡᠰᠡᠨ ᠡᠵᠢ ᠶᠢᠨ ᠢᠶᠠᠨ ᠰᠡᠳᠬᠢᠯ ᠢ ᠭᠦᠨᠳᠡᠵᠣ ᠴᠢᠳᠠᠭ᠎ᠠ | ᠦᠭᠡᠢ ᠳᠡᠷᠠ ᠡᠵᠢ ᠶᠢᠨ ᠢᠶᠠᠨ ᠠᠶ᠎ᠠ ᠪᠠᠷ ᠲᠡᠮᠡᠭᠡ ᠮᠠᠯ ᠢᠶᠠᠨ ᠮᠠᠯᠯᠠᠬᠰᠬᠠᠷ ᠶᠠᠪᠤᠵᠠᠢ᠃ ᠵᠦᠭᠡᠷ ᠰᠠᠭᠤᠬᠤ ᠪᠠᠷ | ᠵᠦᠯᠭᠦᠵᠦ ᠰᠠᠭᠤᠪᠠᠯ ᠳᠡᠭᠡᠷ᠎ᠡ ᠪᠠᠶᠢᠬ᠎ᠠ᠂ ᠶᠠᠭᠤ ᠨᠢᠭᠡ ᠶᠢ ᠭᠢᠶ᠎ᠡ ᠭᠡᠰᠡᠨ ᠪᠤᠳᠣᠯ ᠳᠠᠭᠠᠨ ᠲᠠᠲᠠᠭᠳᠠᠨ ᠭᠠᠳᠠᠮᠠᠶᠢᠷᠠᠨ | ᠪᠠᠶᠠᠨᠬᠤᠲᠠ ᠶᠢᠨ ᠬᠤᠭᠤᠯᠠᠨ ᠭᠡᠷ ᠤᠳ ᠲᠤ ᠪᠠᠶᠢᠴᠠᠭᠠᠯᠲᠠ ᠬᠢᠵᠦ᠂ ᠣᠷᠣᠨ ᠨᠤᠲᠤᠭ ᠤᠨ ᠣᠨᠴᠠᠯᠢᠭ ᠲᠠᠢ᠂ ᠡᠷᠡᠭᠦᠯ | ᠬᠤᠭᠤᠯᠠ ᠵᠠᠭᠤᠰᠢ ᠪᠠᠨ ᠪᠡᠯᠡᠳᠬᠡᠵᠦ᠂ ᠬᠥᠮᠥᠨ ᠣᠯᠠᠨᠲᠠᠢ ᠵᠡᠭᠡᠯᠢ ᠶᠢᠨ ᠬᠠᠵᠠᠭᠤ ᠳᠤ ᠬᠤᠭᠤᠯᠠᠨ ᠭᠡᠷ ᠢᠶᠠᠨ | ᠪᠠᠶᠢᠷᠢᠰᠢᠭᠤᠯᠵᠠᠢ᠃ | ᠳᠡᠷᠡ ᠡᠷᠡᠭᠦᠯ ᠬᠤᠭᠤᠯᠠ ᠵᠠᠭᠤᠰᠢ ᠶᠢ ᠶᠠᠫᠤᠨ ᠤᠯᠤᠰ ᠲᠤ ᠠᠵᠢᠯᠯᠠᠵᠤ ᠠᠮᠢᠳᠤᠷᠠᠵᠤ ᠪᠠᠶᠢᠬᠤ ᠳᠠᠭᠠᠨ | ᠰᠣᠷᠣᠯᠴᠠᠬᠰᠠᠨ ᠠᠵᠢ᠃ ᠳᠡᠶᠢᠮᠣ ᠪᠣᠯᠬᠤᠷ ᠡᠳᠡᠭᠡᠷ ᠲᠣᠰᠣ ᠪᠠᠭ᠎ᠠ ᠲᠠᠢ᠂ ᠡᠷᠡᠭᠦᠯ ᠵᠠᠭᠤᠰᠢ ᠨᠢ ᠲᠡᠭᠦᠨ ᠤ | ᠬᠠᠮᠤᠭ ᠤᠨ ᠬᠢᠵᠦ ᠴᠢᠳᠠᠬᠤ ᠭᠠᠷᠮᠠᠭᠠᠢ ᠠᠵᠢᠯ ᠨᠢ ᠪᠠᠶᠢᠭᠰᠠᠨ ᠳ᠋ᠠᠭ᠃ ᠴᠢᠨᠠᠭᠰᠠᠨ ᠬᠤᠨᠢᠨ ᠮᠢᠬ᠎ᠠ᠂ ᠦᠬᠡᠷ ᠤᠨ | ᠮᠢᠬ᠎ᠠ ᠲᠠᠢ ᠭᠤᠯᠢᠷ᠂ ᠪᠢᠲᠡᠭᠦᠦ ᠱᠥᠯᠥ ᠲᠠᠢ ᠪᠠᠩᠰᠢ ᠪᠣᠯᠣᠨ ᠰᠢᠷ᠎ᠠ ᠲᠣᠰᠣ ᠲᠠᠢ ᠣᠷᠢᠶᠠᠮᠠᠭ᠂ ᠠᠮᠧᠷᠢᠺᠠ | ᠮᠠᠶ᠋ᠢᠭ ᠤᠨ ᠦᠬᠡᠷ ᠤᠨ ᠮᠢᠬ᠎ᠠ ᠲᠠᠢ ᠬᠠᠮᠪᠦ᠋ᠷᠡᠭ᠂ ᠰᠡᠯᠡᠳ᠋ ᠨᠣᠭᠤᠭ᠎ᠠ᠂ ᠬᠤᠨᠢᠨ ᠮᠢᠬ᠎ᠠ ᠲᠠᠢ ᠭᠤᠯᠢᠷ ᠵᠡᠷᠭᠡ | ᠬᠤᠭᠤᠯᠠ ᠵᠠᠭᠤᠰᠢ ᠶᠢ ᠬᠢᠵᠦ ᠬᠥᠮᠥᠰ ᠤᠨ ᠲᠠᠭᠠᠰᠢᠶᠠᠯ ᠳᠤ ᠬᠦᠷᠴᠦ ᠪᠠᠶᠢᠨ᠎ᠠ᠃ ︽ᠣᠷᠴᠢᠮᠬᠠᠨ ᠰᠢᠨ᠎ᠡ ᠪᠠᠷ ᠨᠢᠭᠡ | ᠢᠵᠢ 198 ᠲᠥᠭᠦᠷᠢᠭ ᠤᠨ ᠭᠤᠷᠪᠠ ᠠᠴᠠ ᠲᠥᠷᠪᠠᠨ ᠬᠥᠮᠥᠨ ᠢᠳᠡᠵᠦ ᠭᠦᠢᠴᠡᠬᠦ ᠵᠠᠭᠤᠰᠢ ᠶᠢ ᠭᠠᠷᠭᠠᠵᠠᠢ᠂ | ᠳᠣᠲᠣᠷ᠎ᠠ ᠨᠢ ᠴᠢᠨᠠᠭᠰᠠᠨ ᠬᠤᠨᠢᠨ ᠮᠢᠬ᠎ᠠ᠂ ᠲᠥᠮᠥᠰᠥ᠂ ᠠᠮᠲᠠᠲᠤ ᠲᠥᠮᠥᠰᠥ᠂ ᠰᠢᠷᠠᠭᠰᠠᠨ ᠪᠤᠭᠤᠷᠰᠤᠭ᠂ | ᠱᠥᠭᠦᠷᠮᠡᠭ᠂ ᠰᠡᠯᠡᠳ᠋ ᠨᠣᠭᠤᠭ᠎ᠠ᠂ 10 ᠪᠠᠩᠰᠢ ᠲᠠᠢ᠂ ᠡᠨᠡ ᠨᠢ ᠬᠠᠷᠢᠨ ᠬᠥᠮᠥᠰ ᠲᠤ ᠣᠨᠴᠠᠭᠠᠢ ᠲᠠᠭᠠᠯᠠᠭᠳᠠᠵᠤ | ᠪᠠᠶᠢᠨ᠎ᠠ︾ ᠭᠡᠵᠦ ᠭᠠᠳᠠᠮᠠᠶᠢᠷᠠᠨ ᠶᠠᠷᠢᠨ᠎ᠠ᠃ | ᠭᠠᠳᠠᠮᠠᠶᠢᠷᠠᠨ ᠠᠵᠢᠯ ᠳᠠᠭᠠᠨ ᠭᠠᠷᠮᠠᠭᠠᠢ ᠬᠤᠷᠳᠤᠨ ᠬᠥᠮᠥᠨ ᠪᠠᠶᠢᠯ᠎ᠠ᠃ ᠴᠣᠬᠤᠮ ︽ᠶᠠᠫᠤᠨ ᠬᠤᠷᠳᠤᠴᠠ︾ | ᠪᠠᠷ ᠠᠵᠢᠯᠯᠠᠨ᠂ ᠬᠥᠮᠥᠰ ᠢ ᠤᠳᠠᠭᠠᠨ ᠬᠦᠯᠢᠶᠡᠯᠭᠡᠬᠦ ᠠᠴᠠ ᠬᠡᠷᠰᠡᠦᠯᠡᠨ᠂ ᠴᠡᠪᠡᠷ ᠨᠠᠷᠢᠯᠢᠭ ᠢᠶᠠᠷ ᠭᠠᠯ ᠲᠣᠭᠤᠭᠠᠨ ᠤ | ᠠᠵᠢᠯ ᠳᠠᠭᠠᠨ ᠳᠠᠳᠮᠠᠭᠠᠢ ᠠᠵᠢᠯᠯᠠᠵᠤ᠂ ᠬᠤᠭᠤᠯᠠ ᠵᠠᠭᠤᠰᠢ ᠶᠢ ᠥᠪᠡᠷ ᠢᠶᠠᠨ ᠪᠠᠵᠠᠭᠠᠨ᠂ ᠠᠮᠲᠠᠲᠠᠢ ᠰᠠᠶᠢᠬᠠᠨ | ᠬᠢᠳᠡᠭ ᠮᠥᠷᠲᠡᠭᠡᠨ ᠬᠥᠮᠥᠰ ᠤᠨ ᠰᠠᠨᠠᠭᠠᠨ ᠳᠤ ᠲᠣᠬᠢᠷᠠᠭᠰᠠᠨ ᠡᠷᠡᠭᠦᠯ ᠬᠤᠭᠤᠯᠠ ᠶᠢ ᠭᠠᠷᠭᠠᠳᠠᠭ᠃ ︽ᠬᠤᠭᠤᠯᠠᠨ | ᠭᠡᠷ ᠤᠨ ᠢᠶᠠᠨ ᠬᠤᠨᠢᠨ ᠮᠢᠬ᠎ᠠ᠂ ᠦᠬᠡᠷ ᠤᠨ ᠮᠢᠬ᠎ᠠ ᠪᠠᠨ ᠣᠯᠠᠨᠪᠤᠯᠠᠭ ᠲᠤ ᠰᠠᠭᠤᠭ᠎ᠠ ᠡᠭᠡᠴᠢ ᠶᠢᠨ ᠢᠶᠠᠨ | ᠬᠤᠲᠠᠨ ᠠᠴᠠ ᠠᠪᠴᠢᠷᠠᠳᠠᠭ ᠪᠣᠯᠬᠤᠷ ᠮᠢᠬ᠎ᠠ ᠨᠢ ᠴᠣᠯ ᠪᠠᠶᠢᠭᠠᠯᠢᠯᠢᠭ ᠶᠤᠮ᠃ ᠮᠢᠨᠤ ᠬᠠᠮᠤᠭ ᠠᠴᠠ ᠪᠠᠷᠢᠮᠲᠠᠯᠠᠳᠠᠭ | ᠨᠢ ᠮᠢᠬᠠᠨ ᠤ ᠴᠢᠨᠠᠷ ᠴᠢᠨᠰᠠᠭ᠎ᠠ ᠶᠢ ᠪᠠᠲᠤᠯᠠᠬᠤ ᠶᠠᠪᠤᠳᠠᠯ ᠪᠣᠯᠣᠨ᠎ᠠ᠃ ᠢᠩᠭᠢᠵᠦ ᠬᠢᠭᠰᠡᠨ ᠠᠴᠠ ᠬᠤᠭᠤᠯᠠᠨ ᠭᠡᠷ ᠢᠶᠠᠨ | ᠠᠩᠬ᠎ᠠ ᠨᠡᠭᠡᠭᠡᠭᠰᠡᠨ ᠠᠴᠠ ᠨᠢᠭᠡ ᠬᠤᠶᠠᠷ ᠬᠥᠮᠥᠨ ᠢᠷᠡᠳᠡᠭ ᠪᠠᠶᠢᠭᠰᠠᠨ ᠠᠴᠠ ᠪᠠᠨ ᠬᠥᠮᠥᠰ ᠤᠯᠠᠮ ᠣᠯᠠᠰᠢᠷᠠᠵᠤ᠂ | ᠨᠢᠭᠡ ᠰᠠᠷ᠎ᠠ ᠶᠢᠨ ᠳᠣᠲᠣᠷ᠎ᠠ ᠬᠤᠭᠤᠯᠠᠨ ᠭᠡᠷ ᠤᠨ ᠢᠶᠠᠨ ᠨᠢᠭᠡ ᠵᠢᠯ ᠤᠨ ᠲᠦᠷᠢᠶᠡᠰᠦᠨ ᠮᠥᠩᠭᠦ ᠪᠠᠨ ᠣᠯᠣᠭᠠᠳ | ᠢᠷᠡᠴᠢᠬᠡᠭᠰᠡᠨ᠂ ᠣᠳᠣ ᠤᠷᠤᠯᠭ᠎ᠠ ᠭᠠᠶᠢᠭᠤᠢ ᠰᠠᠶᠢᠨ ᠪᠠᠶᠢᠨ᠎ᠠ︾ ᠭᠡᠵᠦ ᠭᠠᠳᠠᠮᠠᠶᠢᠷᠠᠨ ᠢᠨᠢᠶᠡᠮᠰᠦᠭᠯᠡᠨ ᠶᠠᠷᠢᠨ᠎ᠠ᠃ | ︽ᠡᠨᠡ ᠵᠢᠵᠢᠭ ᠬᠤᠭᠤᠯᠠᠨ ᠭᠡᠷ ᠲᠤ ᠦᠷᠭᠦᠯᠵᠢ ᠢᠷᠡᠳᠡᠭ᠂ ᠬᠤᠭᠤᠯᠠ ᠵᠠᠭᠤᠰᠢ ᠨᠢ ᠮᠠᠰᠢ ᠠᠮᠲᠠᠲᠠᠢ᠂ | ᠭᠠᠳᠠᠭᠠᠳᠤ ᠶᠢᠨ ᠮᠠᠶ᠋ᠢᠭ ᠤᠨ ᠵᠠᠭᠤᠰᠢ ᠨᠢ ᠨᠠᠳᠠ ᠳᠤ ᠰᠠᠶᠢᠬᠠᠨ ᠰᠠᠨᠠᠭᠳᠠᠯ᠎ᠠ᠃ ᠪᠢᠳᠠᠨ ᠳᠤ ᠶᠡᠭᠡ ᠲᠣᠬᠢᠷᠠᠭᠰᠠᠨ | ᠬᠤᠭᠤᠯᠠ ᠵᠠᠭᠤᠰᠢ ᠪᠠᠶᠢᠨ᠎ᠠ᠂ ᠦᠨ᠎ᠡ ᠬᠠᠩᠰᠢ ᠨᠢ ᠬᠠᠷᠢᠴᠠᠩᠭᠤᠢ ᠪᠠᠷ ᠬᠢᠮᠳᠠ ᠪᠠᠶᠢᠳᠠᠭ᠂ ᠳᠥᠷᠪᠡ ᠲᠠᠪᠤᠭᠤᠯᠠ | ᠢᠷᠡᠵᠣ ᠢᠳᠡᠬᠦ ᠳᠤ ᠶᠠᠭ ᠲᠣᠬᠢᠷᠠᠮᠵᠢᠲᠠᠢ︾ ᠭᠡᠵᠦ ᠠᠯᠲᠠᠨᠲᠤᠶᠠᠭ᠎ᠠ ᠶᠠᠷᠢᠨ᠎ᠠ᠃ |