ᠠᠯᠠᠱᠠ ᠵᠡᠭᠦᠨ ᠬᠤᠰᠢᠭᠤ ᠄ 2024 ᠣᠨ ᠤ ᠮᠠᠯ ᠡᠮᠨᠡᠯᠭᠡ ᠶᠢᠨ ᠮᠡᠷᠭᠡᠵᠢᠯ ᠤᠨ ᠤᠷ᠎ᠠ ᠴᠢᠳᠠᠪᠤᠷᠢ ᠶᠢᠨ ᠲᠡᠮᠡᠴᠡᠭᠡᠨ ᠵᠣᠬᠢᠶᠠᠨ ᠪᠠᠶᠢᠭᠤᠯᠤᠯ᠎ᠠ
ᠨᠡᠶᠢᠲᠡᠯᠡᠭᠰᠡᠨ ᠴᠠᠭ᠄
2024/7/26
     ᠮᠠᠨ ᠤ ᠣᠷᠣᠨ ᠨᠤᠲᠤᠭ ᠤᠨ ᠮᠠᠯ ᠤᠨ ᠡᠷᠡᠭᠦᠯ ᠮᠡᠨᠳᠦ ᠶᠢᠨ ᠠᠵᠢᠯᠲᠠᠨ ᠨᠤᠭᠤᠳ ᠤᠨ ᠪᠠᠭ ᠢ ᠪᠠᠬᠢᠵᠢᠭᠦᠯᠬᠦ ᠂ ᠠᠵᠢᠯᠴᠢᠳ ᠤᠨ ᠮᠡᠷᠭᠡᠵᠢᠯ ᠤᠨ ᠤᠷ᠎ᠠ ᠴᠢᠳᠠᠪᠤᠷᠢ ᠂ ᠮᠡᠳᠡᠯᠭᠡ ᠶᠢᠨ ᠲᠦᠪᠰᠢᠨ ᠢ ᠳᠡᠭᠡᠭᠰᠢᠯᠡᠭᠦᠯᠬᠦ ᠂ ᠮᠠᠯ ᠤᠨ ᠡᠷᠡᠭᠦᠯ ᠮᠡᠨᠳᠦ ᠶᠢᠨ ᠠᠵᠢᠯ ᠤᠨ ᠰᠠᠭᠤᠷᠢ ᠶᠢ ᠪᠠᠬᠢᠵᠢᠭᠦᠯᠬᠦ ᠵᠣᠷᠢᠯᠭ᠎ᠠ ᠪᠠᠷ ᠂ ᠠᠯᠠᠱᠠ ᠵᠡᠭᠦᠨ ᠬᠤᠰᠢᠭᠤ ᠠᠵᠢᠯᠴᠢᠨ ᠤ ᠶᠡᠷᠦᠩᠬᠡᠢ ᠡᠪᠯᠡᠯ ᠠᠴᠠ ᠵᠣᠬᠢᠶᠠᠨ ᠪᠠᠶᠢᠭᠤᠯᠵᠤ ᠂ ᠠᠯᠠᠱᠠ ᠵᠡᠭᠦᠨ ᠬᠤᠰᠢᠭᠤᠨ ᠤ ᠲᠠᠷᠢᠶᠠᠯᠠᠩ ᠮᠠᠯ ᠠᠵᠤ ᠠᠬᠤᠢ ᠶᠢᠨ ᠲᠣᠪᠴᠢᠶ᠎ᠠ ᠬᠠᠮᠲᠤᠷᠠᠨ ᠵᠣᠬᠢᠶᠠᠨ ᠪᠠᠶᠢᠭᠤᠯᠵᠤ ᠂ ᠠᠯᠠᠱᠠ ᠵᠡᠭᠦᠨ ᠬᠤᠰᠢᠭᠤᠨ ᠤ ᠠᠮᠢᠲᠠᠨ ᠤ ᠡᠪᠡᠳᠴᠢᠨ ᠠᠴᠠ ᠤᠷᠢᠳᠴᠢᠯᠠᠨ ᠰᠡᠷᠭᠡᠶᠢᠯᠡᠬᠦ ᠂ ᠬᠢᠨᠠᠬᠤ ᠲᠥᠪ ᠠᠴᠠ ᠵᠣᠬᠢᠶᠠᠨ ᠪᠠᠶᠢᠭᠤᠯᠤᠭᠰᠠᠨ ᠠᠯᠠᠱᠠ ᠵᠡᠭᠦᠨ ᠬᠤᠰᠢᠭᠤᠨ ᠤ ᠶᠢᠰᠦᠳᠡᠬᠢ ᠤᠳᠠᠭᠠᠨ ᠤ ᠮᠠᠯ ᠡᠮᠨᠡᠯᠭᠡ ᠶᠢᠨ ︵ᠮᠠᠯ ᠤᠨ ᠡᠷᠡᠭᠦᠯ ᠮᠡᠨᠳᠦ ᠶᠢᠨ ︶ ᠮᠡᠷᠭᠡᠵᠢᠯ ᠤᠨ ᠤᠷ᠎ᠠ ᠴᠢᠳᠠᠪᠤᠷᠢ ᠶᠢᠨ ᠲᠡᠮᠡᠴᠡᠭᠡᠨ ᠠᠮᠵᠢᠯᠲᠠ ᠲᠠᠢ ᠪᠣᠯᠵᠤ ᠥᠩᠭᠡᠷᠡᠯ᠎ᠡ ᠃
     ᠲᠡᠮᠡᠴᠡᠭᠡᠨ ᠤ ᠲᠠᠯᠠᠪᠠᠢ ᠳᠤ ᠂ ᠣᠷᠣᠯᠴᠠᠭᠴᠢᠳ ︽ᠪᠡᠯᠡᠨ ᠂ ᠡᠬᠢᠯᠡ ︕᠎ ︾ ᠭᠡᠰᠡᠨ ᠳᠠᠭᠤᠳᠠᠯᠭ᠎ᠠ ᠶᠢᠨ ᠳᠠᠭᠠᠤ ᠲᠦᠷᠭᠡᠨ ᠂ ᠨᠠᠷᠢᠨ ᠂ ᠲᠣᠭᠲᠠᠪᠤᠷᠢᠲᠠᠢ ᠤᠷ᠎ᠠ ᠴᠢᠳᠠᠪᠤᠷᠢ ᠪᠠᠨ ᠬᠠᠷᠠᠭᠤᠯᠵᠤ ᠂ ᠭᠠᠭ᠋ᠠᠢ ᠶᠢᠨ ᠮᠢᠯᠵᠠᠩ ᠤᠨ ᠸᠠᠺᠼᠢᠨ ᠲᠠᠷᠢᠯᠭ᠎ᠠ ᠂ ᠭᠠᠭ᠋ᠠᠢ ᠶᠢᠨ ᠰᠤᠳᠠᠰᠤ ᠠᠴᠠ ᠴᠢᠰᠤ ᠠᠪᠬᠤ ᠂ ᠲᠠᠬᠢᠶᠠᠨ ᠤ ᠳᠠᠯᠠᠪᠴᠢ ᠠᠴᠠ ᠴᠢᠰᠤ ᠠᠪᠬᠤ ᠂ ᠲᠠᠬᠢᠶᠠᠨ ᠤ ᠵᠢᠷᠦᠬᠡᠨ ᠠᠴᠠ ᠴᠢᠰᠤ ᠠᠪᠬᠤ ᠂ ᠲᠠᠬᠢᠶᠠᠨ ᠤ ᠪᠡᠶ᠎ᠡ ᠶᠢᠨ ᠵᠠᠳᠠᠯᠤᠨ ᠰᠢᠨᠵᠢᠯᠡᠭᠡ ᠬᠢᠬᠦ ᠵᠡᠷᠭᠡ ᠰᠢᠯᠭᠠᠯᠲᠠ ᠶᠢᠨ ᠳᠠᠭᠠᠭᠠᠯᠭᠠᠪᠤᠷᠢ ᠨᠤᠭᠤᠳ ᠢ ᠠᠮᠵᠢᠯᠲᠠ ᠲᠠᠢ ᠭᠦᠢᠴᠡᠳᠬᠡᠭᠰᠡᠨ ᠪᠠᠶᠢᠨ᠎ᠠ ᠃ ᠲᠡᠭᠦᠨᠴᠢᠯᠡᠨ ᠂ ᠣᠷᠣᠯᠴᠠᠭᠴᠢᠳ ᠤᠨ ᠣᠨᠣᠯ ᠤᠨ ᠮᠡᠳᠡᠯᠭᠡ ᠶᠢ ᠰᠢᠯᠭᠠᠵᠤ ᠂ ᠥᠷᠭᠡᠨ ᠴᠠᠷ᠎ᠠ ᠬᠦᠷᠢᠶ᠎ᠡ ᠲᠠᠢ ᠠᠭᠤᠷ ᠠᠮᠢᠰᠬᠤᠯ ᠢ ᠪᠦᠷᠢᠳᠦᠭᠦᠯᠦᠭᠰᠡᠨ ᠶᠤᠮ ᠃
     ᠨᠢᠭᠡᠳᠦᠭᠡᠷ ᠪᠠᠶᠢᠷᠢᠨ ᠤ ᠱᠠᠩᠨᠠᠯᠲᠠᠨ ᠮᠡᠷᠭᠡᠨᠪᠢᠯᠢᠭ     ᠎ ︽ᠡᠨᠡ ᠤᠳᠠᠭᠠᠨ ᠤ ᠲᠡᠮᠡᠴᠡᠭᠡᠨ ᠮᠢᠨᠤ ᠮᠡᠷᠭᠡᠵᠢᠯ ᠤᠨ ᠤᠷ᠎ᠠ ᠴᠢᠳᠠᠪᠤᠷᠢ ᠂ ᠮᠡᠳᠡᠯᠭᠡ ᠶᠢ ᠶᠡᠬᠡᠬᠡᠨ ᠳᠡᠭᠡᠭᠰᠢᠯᠡᠭᠦᠯᠦᠭᠰᠡᠨ ᠪᠥᠭᠡᠳ ᠮᠠᠨ ᠤ ᠣᠷᠣᠨ ᠨᠤᠲᠤᠭ ᠤᠨ ᠮᠠᠯ ᠡᠮᠨᠡᠯᠭᠡ ᠶᠢᠨ ᠠᠵᠢᠯ ᠤᠨ ᠪᠦᠬᠦ ᠲᠠᠯ᠎ᠠ ᠶᠢᠨ ᠬᠥᠭᠵᠢᠯ ᠳᠤ ᠶᠡᠬᠡᠬᠡᠨ ᠬᠤᠪᠢ ᠨᠡᠮᠡᠷᠢ ᠣᠷᠣᠭᠤᠯᠤᠭᠰᠠᠨ ᠃ ︾      ᠡᠨᠡ ᠤᠳᠠᠭᠠᠨ ᠤ ᠲᠡᠮᠡᠴᠡᠭᠡᠨ ᠠᠮᠵᠢᠯᠲᠠ ᠲᠠᠢ ᠵᠣᠬᠢᠶᠠᠨ ᠪᠠᠶᠢᠭᠤᠯᠤᠭᠳᠠᠭᠰᠠᠨ ᠢᠶᠠᠷ ᠠᠯᠠᠱᠠ ᠵᠡᠭᠦᠨ ᠬᠤᠰᠢᠭᠤ ᠮᠠᠯ ᠡᠮᠨᠡᠯᠭᠡ ᠶᠢᠨ ᠰᠠᠯᠪᠤᠷᠢ ᠶᠢᠨ ᠲᠧᠭᠨᠢᠭ ᠤᠨ ᠠᠵᠢᠯᠲᠠᠨ ᠨᠤᠭᠤᠳ ᠲᠤ ᠥᠪᠡᠷ ᠢ ᠪᠠᠨ ᠬᠠᠷᠠᠭᠤᠯᠬᠤ ᠂ ᠲᠤᠷᠰᠢᠯᠭ᠎ᠠ ᠰᠣᠯᠢᠯᠴᠠᠬᠤ ᠪᠣᠯᠣᠮᠵᠢ ᠶᠢ ᠣᠯᠭᠤᠵᠤ ᠂ ᠠᠵᠢᠯᠴᠢᠳ ᠤᠨ ᠳᠤᠮᠳᠠ ᠮᠡᠷᠭᠡᠵᠢᠯ ᠳᠤ ᠪᠠᠨ ᠳᠤᠷᠠᠲᠠᠢ ᠂ ᠤᠷ᠎ᠠ ᠴᠢᠳᠠᠪᠤᠷᠢ ᠪᠠᠨ ᠳᠡᠭᠡᠭᠰᠢᠯᠡᠭᠦᠯᠬᠦ ᠂ ᠰᠢᠯᠢᠳᠡᠭ ᠪᠦᠲᠦᠭᠡᠯ ᠬᠢᠬᠦ ᠤᠷᠮ᠎ᠠ ᠵᠣᠷᠢᠭ ᠢ ᠨᠡᠮᠡᠭᠳᠡᠭᠦᠯᠵᠦ ᠂ ︿ᠬᠥᠳᠡᠯᠮᠦᠷᠢ ᠶᠢ ᠬᠦᠨᠳᠦᠳᠬᠡᠬᠦ ᠂ ᠠᠪᠢᠶᠠᠰ ᠢ ᠬᠦᠨᠳᠦᠳᠬᠡᠬᠦ ᠂ ᠪᠦᠲᠦᠭᠡᠯᠴᠢ ᠰᠡᠳᠬᠢᠯᠭᠡ ᠶᠢ ᠬᠦᠨᠳᠦᠳᠬᠡᠬᠦ﹀ ᠰᠠᠶᠢᠬᠠᠨ ᠠᠭᠤᠷ ᠠᠮᠢᠰᠬᠤᠯ ᠢ ᠪᠦᠷᠢᠳᠦᠭᠦᠯᠦᠭᠰᠡᠨ ᠪᠠᠶᠢᠨ᠎ᠠ ᠃
     ᠠᠯᠠᠱᠠ ᠵᠡᠭᠦᠨ ᠬᠤᠰᠢᠭᠤᠨ ᠤ ᠠᠮᠢᠲᠠᠨ ᠤ ᠡᠪᠡᠳᠴᠢᠨ ᠠᠴᠠ ᠤᠷᠢᠳᠴᠢᠯᠠᠨ ᠰᠡᠷᠭᠡᠶᠢᠯᠡᠬᠦ ᠂ ᠬᠢᠨᠠᠬᠤ ᠲᠥᠪ ᠤᠨ ᠳᠠᠷᠤᠭ᠎ᠠ ᠸᠠᠩ ᠯᠢ ᠬᠤᠸᠠ᠄     ᠎ ︽ᠡᠨᠡ ᠤᠳᠠᠭᠠᠨ ᠤ ᠮᠠᠯ ᠡᠮᠨᠡᠯᠭᠡ ᠶᠢᠨ ᠤᠷ᠎ᠠ ᠴᠢᠳᠠᠪᠤᠷᠢ ᠶᠢᠨ ᠲᠡᠮᠡᠴᠡᠭᠡᠨ ᠨᠢ ᠮᠠᠨ ᠤ ᠣᠷᠣᠨ ᠨᠤᠲᠤᠭ ᠤᠨ ᠮᠠᠯ ᠤᠨ ᠡᠷᠡᠭᠦᠯ ᠮᠡᠨᠳᠦ ᠶᠢᠨ ᠠᠵᠢᠯᠲᠠᠨ ᠨᠤᠭᠤᠳ ᠤᠨ ᠪᠠᠭ ᠢ ᠪᠠᠬᠢᠵᠢᠭᠦᠯᠬᠦ ᠂ ᠠᠵᠢᠯᠴᠢᠳ ᠤᠨ ᠮᠡᠷᠭᠡᠵᠢᠯ ᠤᠨ ᠤᠷ᠎ᠠ ᠴᠢᠳᠠᠪᠤᠷᠢ ᠂ ᠮᠡᠳᠡᠯᠭᠡ ᠶᠢᠨ ᠲᠦᠪᠰᠢᠨ ᠢ ᠳᠡᠭᠡᠭᠰᠢᠯᠡᠭᠦᠯᠬᠦ ᠂ ᠮᠠᠯ ᠤᠨ ᠡᠷᠡᠭᠦᠯ ᠮᠡᠨᠳᠦ ᠶᠢᠨ ᠠᠵᠢᠯ ᠤᠨ ᠰᠠᠭᠤᠷᠢ ᠶᠢ ᠪᠠᠬᠢᠵᠢᠭᠦᠯᠬᠦ ᠂ ᠠᠯᠠᠱᠠ ᠵᠡᠭᠦᠨ ᠬᠤᠰᠢᠭᠤᠨ ᠤ ᠮᠠᠯ ᠠᠵᠤ ᠠᠬᠤᠢ ᠶᠢᠨ ᠥᠨᠳᠥᠷ ᠴᠢᠨᠠᠷᠲᠠᠢ ᠬᠥᠭᠵᠢᠯ ᠳᠤ ᠳᠡᠮᠵᠢᠯᠭᠡ ᠦᠵᠡᠭᠦᠯᠬᠦ ᠵᠣᠷᠢᠯᠭ᠎ᠠ ᠲᠠᠢ ᠪᠠᠶᠢᠭᠰᠠᠨ ᠪᠥᠭᠡᠳ ᠮᠥᠨ ᠡᠨᠡ ᠨᠢ ᠠᠶᠢᠮᠠᠭ ᠂ ᠥᠪᠡᠷᠲᠡᠭᠡᠨ ᠵᠠᠰᠠᠬᠤ ᠣᠷᠣᠨ ᠤ ᠲᠦᠪᠰᠢᠨ ᠤ ᠮᠠᠯ ᠤᠨ ᠡᠪᠡᠳᠴᠢᠨ ᠠᠴᠠ ᠤᠷᠢᠳᠴᠢᠯᠠᠨ ᠰᠡᠷᠭᠡᠶᠢᠯᠡᠬᠦ ᠤᠷ᠎ᠠ ᠴᠢᠳᠠᠪᠤᠷᠢ ᠶᠢᠨ ᠲᠡᠮᠡᠴᠡᠭᠡᠨ ᠳᠤ ᠰᠢᠯᠭᠠᠷᠠᠭᠤᠯᠬᠤ ᠵᠣᠷᠢᠯᠭ᠎ᠠ ᠲᠠᠢ ᠶᠤᠮ ᠃ ︾ ᠭᠡᠯ᠎ᠡ᠃
 
ᠢᠷᠡᠯᠲᠡ᠄ ᠠᠯᠠᠱᠠ ᠵᠡᠭᠦᠨ ᠬᠤᠰᠢᠭᠤᠨ ᠤ ᠵᠠᠰᠠᠭ ᠤᠨ ᠣᠷᠳᠣᠨ ᠤ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号