2024 ᠣᠨ ᠤ ᠨᠠᠮᠤᠷ ᠬᠡᠦᠬᠡᠳ ᠤᠨ ᠴᠡᠴᠡᠷᠯᠢᠭ ᠲᠤ ︵ᠬᠡᠦᠬᠡᠳ ᠠᠰᠠᠷᠠᠬᠤ ᠭᠠᠵᠠᠷ ︶ ᠣᠷᠣᠬᠤ ᠡᠷᠡᠭᠦᠯ ᠮᠡᠨᠳᠦ ᠶᠢᠨ ᠦᠵᠡᠯᠭᠡ ᠶᠢᠨ ᠲᠤᠬᠠᠢ ᠮᠡᠳᠡᠭᠳᠡᠯ
ᠨᠡᠶᠢᠲᠡᠯᠡᠭᠰᠡᠨ ᠴᠠᠭ᠄
2024/7/26
       ᠡᠷᠬᠢᠮ ᠬᠦᠨᠳᠦᠲᠦ ᠭᠡᠷ ᠤᠨ ᠠᠬᠠᠮᠠᠳ ᠲᠤ ᠄       ᠤᠯᠤᠰ ᠤᠨ ︽ᠬᠡᠦᠬᠡᠳ ᠠᠰᠠᠷᠠᠬᠤ ᠭᠠᠵᠠᠷ ᠤᠨ ᠪᠣᠯᠣᠨ ᠴᠡᠴᠡᠷᠯᠢᠭ ᠤᠨ ᠡᠷᠡᠭᠦᠯ ᠠᠬᠤᠢ ᠶᠢᠨ ᠤᠳᠤᠷᠢᠳᠤᠯᠭ᠎ᠠ ᠶᠢᠨ ᠠᠷᠭ᠎ᠠ ︾᠎ ᠶᠢᠨ ᠱᠠᠭᠠᠷᠳᠠᠯᠭ᠎ᠠ ᠶᠢᠨ ᠳᠠᠭᠠᠤ ᠂ ᠴᠡᠴᠡᠷᠯᠢᠭ ᠲᠤ ︵ᠬᠡᠦᠬᠡᠳ ᠠᠰᠠᠷᠠᠬᠤ ᠭᠠᠵᠠᠷ ︶ ᠰᠢᠨ᠎ᠡ ᠪᠠᠷ ᠡᠯᠰᠡᠬᠦ ᠬᠡᠦᠬᠡᠳ ᠪᠦᠷᠢ ᠡᠷᠡᠭᠦᠯ ᠮᠡᠨᠳᠦ ᠶᠢᠨ ᠦᠵᠡᠯᠭᠡ ᠳᠤ ᠬᠠᠮᠤᠷᠤᠭᠳᠠᠬᠤ ᠶᠣᠰᠣᠲᠠᠢ ᠪᠥᠭᠡᠳ ᠡᠷᠡᠭᠦᠯ ᠮᠡᠨᠳᠦ ᠶᠢᠨ ᠪᠠᠲᠤᠯᠠᠭ᠎ᠠ ᠬᠠᠩᠭᠠᠭᠰᠠᠨ ᠪᠣᠯᠵᠣᠯ ᠳᠤ ᠰᠠᠶ᠋ᠢ ᠡᠯᠡᠰᠭᠳᠬᠦ ᠲᠤᠯᠠ ᠬᠡᠦᠬᠡᠳ ᠤᠨ ᠡᠷᠡᠭᠦᠯ ᠮᠡᠨᠳᠦ ᠶᠢᠨ ᠦᠵᠡᠯᠭᠡ ᠶᠢ ᠴᠠᠭ ᠲᠤᠬᠠᠢ ᠳᠤ ᠨᠢ ᠬᠢᠯᠭᠡᠬᠦ ᠶᠢ ᠬᠦᠰᠡᠶ᠎ᠡ ᠃      ᠮᠠᠨ ᠤ ᠡᠮᠨᠡᠯᠭᠡ 2024 ᠣᠨ ᠤ 8 ᠳ᠋ᠤᠭᠠᠷ ᠰᠠᠷ᠎ᠠ ᠶᠢᠨ 1᠎ ᠠᠴᠠ ᠡᠬᠢᠯᠡᠨ ᠰᠢᠨ᠎ᠡ ᠪᠠᠷ ᠴᠡᠴᠡᠷᠯᠢᠭ ᠲᠤ ︵ᠬᠡᠦᠬᠡᠳ ᠠᠰᠠᠷᠠᠬᠤ ᠭᠠᠵᠠᠷ ︶ ᠣᠷᠣᠬᠤ ᠬᠡᠦᠬᠡᠳ ᠤᠨ ᠡᠷᠡᠭᠦᠯ ᠮᠡᠨᠳᠦ ᠶᠢᠨ ᠦᠵᠡᠯᠭᠡ ᠶᠢ ᠬᠢᠬᠦ ᠪᠥᠭᠡᠳ ᠲᠣᠳᠣᠷᠬᠠᠢ ᠵᠣᠬᠢᠴᠠᠭᠤᠯᠤᠯᠲᠠ ᠶᠢ ᠳᠣᠣᠷ᠎ᠠ ᠳᠤᠷᠠᠳᠤᠭᠰᠠᠨ ᠪᠣᠯᠣᠨ᠎ᠠ ᠄       1. ᠦᠵᠡᠯᠭᠡ ᠳᠤ ᠬᠠᠮᠤᠷᠤᠭᠳᠠᠬᠤ ᠬᠡᠦᠬᠡᠳ ᠤᠳ      · ᠰᠢᠨ᠎ᠡ ᠪᠠᠷ ᠴᠡᠴᠡᠷᠯᠢᠭ ᠲᠤ ︵ᠬᠡᠦᠬᠡᠳ ᠠᠰᠠᠷᠠᠬᠤ ᠭᠠᠵᠠᠷ ︶ ᠡᠯᠰᠡᠬᠦ ᠬᠡᠦᠬᠡᠳ ᠤᠳ      · ᠴᠡᠴᠡᠷᠯᠢᠭ ᠠᠴᠠ 3 ᠰᠠᠷ᠎ᠠ ᠠᠴᠠ ᠳᠡᠭᠡᠭᠰᠢ ᠬᠤᠭᠤᠴᠠᠭᠠᠨ ᠳᠤ ᠵᠠᠪᠰᠠᠷᠯᠠᠭᠰᠠᠨ ᠬᠡᠦᠬᠡᠳ ᠤᠳ      · ᠴᠡᠴᠡᠷᠯᠢᠭ ᠢ ᠰᠣᠯᠢᠬᠤ ᠭᠡᠵᠦ ᠪᠠᠶᠢᠭ᠎ᠠ ᠬᠡᠦᠬᠡᠳ ᠤᠳ      2. ᠦᠵᠡᠯᠭᠡ ᠬᠢᠬᠦ ᠭᠠᠵᠠᠷ      · ᠠᠯᠠᠱᠠ ᠵᠡᠭᠦᠨ ᠬᠤᠰᠢᠭᠤ ᠡᠮᠡᠭᠲᠡᠶᠢᠴᠦᠳ ᠂ ᠬᠡᠦᠬᠡᠳ ᠤᠨ ᠡᠷᠡᠭᠦᠯ ᠮᠡᠨᠳᠦ ᠶᠢᠨ ᠡᠮᠨᠡᠯᠭᠡ      · 3 ᠳ᠋ᠤᠭᠠᠷ ᠳᠠᠪᠬᠤᠷ ᠤᠨ ᠪᠠᠷᠠᠭᠤᠨ ᠲᠠᠯ᠎ᠠ ᠳᠤ ᠬᠡᠦᠬᠡᠳ ᠤᠨ ᠡᠷᠡᠭᠦᠯ ᠮᠡᠨᠳᠦ ᠶᠢᠨ ᠲᠠᠰᠤᠭ      3. ᠦᠵᠡᠯᠭᠡ ᠬᠢᠬᠦ ᠴᠠᠭ      · ᠭᠠᠷᠠᠭ ᠤᠨ ᠨᠢᠭᠡᠨ ᠠᠴᠠ ᠭᠠᠷᠠᠭ ᠤᠨ ᠲᠠᠪᠤᠨ ᠬᠦᠷᠲᠡᠯ᠎ᠡ      · ᠥᠷᠯᠥᠭᠡᠨ ᠤ 8:30 — 11:30᠎ ᠂ ᠡᠳᠦᠷ ᠤᠨ 15:00 — 18:00      4. ᠦᠵᠡᠯᠭᠡ ᠶᠢᠨ ᠲᠥᠰᠥᠯ ᠤᠳ      · ᠱᠠᠭᠠᠷᠳᠠᠯᠭ᠎ᠠ ᠲᠠᠢ ᠦᠵᠡᠯᠭᠡ ᠶᠢᠨ ᠲᠥᠰᠥᠯ ᠤᠳ ᠄       1. ᠪᠡᠶ᠎ᠡ ᠶᠢᠨ ᠶᠡᠷᠦᠩᠬᠡᠢ ᠦᠵᠡᠯᠭᠡ ᠂ ᠥᠰᠦᠯᠲᠡ ᠬᠥᠭᠵᠢᠯᠲᠡ ᠶᠢᠨ ᠦᠨᠡᠯᠡᠭᠡ ᠄ ᠦᠨᠳᠦᠷ \ ᠤᠷᠲᠤ ᠂ ᠵᠢᠩ ᠬᠡᠮᠵᠢᠬᠦ ᠦᠨᠡᠯᠡᠭᠡ ︔      2. ᠪᠡᠶ᠎ᠡ ᠶᠢᠨ ᠦᠵᠡᠯᠭᠡ ᠄ ᠲᠤᠯᠤᠭᠠᠢ ᠂ ᠬᠦᠵᠦᠭᠦᠦ ᠂ ᠴᠡᠭᠡᠵᠢ ᠂ ᠨᠢᠷᠤᠭᠤ ᠂ ᠮᠥᠴᠢ ᠂ ᠭᠠᠳᠠᠨ᠎ᠠ ᠪᠡᠯᠭᠡ ᠡᠷᠬᠡᠲᠡᠨ ᠭᠡᠬᠦ ᠮᠡᠲᠦ ︔      3. ᠨᠢᠳᠦᠨ ᠤ ᠡᠷᠡᠭᠦᠯ ᠮᠡᠨᠳᠦ ᠂ ᠠᠮᠠᠨ ᠤ ᠬᠥᠨᠳᠡᠢ ᠶᠢᠨ ᠡᠷᠡᠭᠦᠯ ᠮᠡᠨᠳᠦ ︔      4. ᠰᠢᠨᠵᠢᠯᠡᠭᠡ ᠄ ᠴᠢᠰᠤᠨ ᠤ ᠤᠯᠠᠭᠠᠨ ᠤᠭᠤᠷᠠᠭ᠂ ᠴᠢᠰᠤᠨ ᠴᠠᠶᠢᠪᠠᠩ ᠤᠨ ᠫᠷᠣᠫᠠ ᠰᠢᠪᠲᠦᠷᠲᠦ ᠬᠦᠴᠢᠯ ᠤᠨ ᠰᠢᠪᠲᠦᠷᠲᠦ ᠪᠦᠯᠦᠭ ᠰᠢᠯᠵᠢᠭᠦᠯᠬᠦ ᠢᠰᠬᠡᠭᠦᠷ ᠢ ᠰᠢᠯᠭᠠᠨ ᠲᠣᠭᠲᠠᠭᠠᠬᠤ᠃᠃      · ᠰᠣᠩᠭᠤᠯᠲᠠ ᠦᠵᠡᠯᠭᠡ ᠶᠢᠨ ᠲᠥᠰᠥᠯ ᠤᠳ ᠄       ᠶᠠᠰᠤᠨ ᠤ ᠨᠢᠭᠲᠠᠴᠠ ᠶᠢᠨ ᠬᠡᠮᠵᠢᠯᠲᠡ᠂ 25- ᠤᠰᠤᠮᠠᠭᠲᠤ ᠸᠢᠲ᠋ᠠᠮᠢᠨ D᠂ ᠪᠢᠴᠢᠯ ᠡᠯᠧᠮᠧᠨ᠋ᠲ᠃      5. ᠦᠵᠡᠯᠭᠡ ᠶᠢᠨ ᠡᠮᠦᠨᠡᠬᠢ ᠪᠡᠯᠡᠳᠬᠡᠯ      · ᠦᠵᠡᠯᠭᠡ ᠶᠢᠨ ᠡᠮᠦᠨᠡᠬᠢ ᠡᠳᠦᠷ ᠂ ᠣᠷᠣᠢ ᠶᠢᠨ ᠬᠤᠭᠤᠯᠠᠨ ᠳᠤ ᠶᠡᠭᠡ ᠬᠡᠮᠵᠢᠶᠡᠨ ᠤ ᠮᠢᠬᠠᠨ ᠬᠤᠭᠤᠯᠠ ᠢᠳᠡᠬᠦ ᠠᠴᠠ ᠲᠠᠲᠠᠭᠠᠯᠵᠠᠬᠤ ᠂ ᠣᠷᠣᠢ ᠤᠨᠲᠠᠬᠤ ︔      · ᠦᠵᠡᠯᠭᠡ ᠬᠢᠬᠦ ᠡᠳᠦᠷ ᠂ ᠥᠯᠦᠨ ᠪᠠᠶᠢᠬᠤ ᠱᠠᠭᠠᠷᠳᠠᠯᠭ᠎ᠠ ᠦᠭᠡᠢ ᠂ ᠪᠠᠭ᠎ᠠ ᠬᠡᠮᠵᠢᠶᠡᠨ ᠤ ᠬᠤᠭᠤᠯᠠ ᠬᠦᠨᠡᠰᠦ ᠂ ᠤᠮᠳᠠ ᠤᠤᠭᠤᠬᠤ ᠪᠣᠯᠣᠮᠵᠢ ᠲᠠᠢ ᠃      6. ᠦᠵᠡᠯᠭᠡ ᠶᠢᠨ ᠶᠠᠪᠤᠴᠠ      · ᠲᠠᠰᠤᠭ ᠤᠨ ᠪᠦᠷᠢᠳᠬᠡᠯ → ᠬᠡᠦᠬᠡᠳ ᠤᠨ ᠡᠷᠡᠭᠦᠯ ᠮᠡᠨᠳᠦ ᠶᠢᠨ ᠲᠠᠰᠤᠭ ᠲᠤ ᠵᠥᠪᠯᠡᠯᠭᠡᠨ ᠤ ᠬᠠᠭᠤᠳᠠᠰᠤ ᠠᠪᠬᠤ → ᠦᠵᠡᠯᠭᠡ ᠬᠢᠬᠦ → ᠡᠴᠦᠰ ᠲᠤ ᠨᠢ ᠦᠵᠡᠯᠭᠡ ᠶᠢᠨ ᠲᠠᠶᠢᠯᠤᠨ ᠂ ᠸᠠᠺᠼᠢᠨ ᠤ ᠰᠢᠯᠭᠠᠯᠲᠠ ᠶᠢᠨ ᠲᠠᠶᠢᠯᠤᠨ ᠠᠪᠬᠤ ᠃      ᠠᠩᠬᠠᠷᠤᠭᠤᠯᠭ᠎ᠠ      1. ᠦᠵᠡᠯᠭᠡ ᠶᠢᠨ ᠡᠮᠦᠨ᠎ᠡ ᠬᠡᠦᠬᠡᠳ ᠲᠠᠢ ᠪᠠᠨ ᠰᠠᠶᠢᠨ ᠶᠠᠷᠢᠯᠴᠠᠵᠤ ᠂ ᠲᠡᠳᠡᠨ ᠤ ᠠᠶᠢᠳᠠᠰ ᠢ ᠠᠷᠢᠯᠭᠠᠬᠤ ᠃      2. ᠡᠪᠡᠳᠴᠢᠲᠡᠶ ᠦᠶ᠎ᠡ ᠳᠤ ᠦᠵᠡᠯᠭᠡ ᠬᠢᠬᠦ ᠠᠴᠠ ᠵᠠᠶᠢᠯᠠᠰᠬᠢᠬᠦ ᠃      3. ᠨᠢᠭᠡ ᠭᠡᠷ ᠤᠨ ᠠᠬᠠᠮᠠᠳ ᠢᠷᠡᠬᠦ ᠶᠢ ᠵᠥᠪᠯᠡᠵᠦ ᠪᠠᠶᠢᠨ᠎ᠠ ᠃      4. ᠡᠮᠴᠢ ᠪᠡᠶ᠎ᠡ ᠶᠢᠨ ᠦᠵᠡᠯᠭᠡ ᠬᠢᠬᠦ ᠱᠠᠭᠠᠷᠳᠠᠯᠭ᠎ᠠ ᠲᠠᠢ ᠲᠤᠯᠠ ᠬᠡᠦᠬᠡᠳ ᠤᠨ ᠬᠤᠪᠴᠠᠰᠤ ᠨᠢ ᠲᠣᠬᠢᠷᠠᠮᠵᠢᠲᠠᠢ ᠂ ᠠᠮᠠᠷᠬᠠᠨ ᠡᠮᠦᠰᠴᠦ ᠲᠠᠶᠢᠯᠬᠤ ᠪᠣᠯᠣᠮᠵᠢ ᠲᠠᠢ ᠪᠠᠶᠢᠬᠤ ᠃      5. ᠡᠴᠢᠭᠡ ᠡᠬᠡᠴᠦᠳ ᠦᠨᠡᠲᠦ ᠵᠦᠢᠯᠡᠰ ᠢᠶᠠᠨ ᠰᠠᠶᠢᠨ ᠬᠠᠮᠠᠭᠠᠯᠠᠬᠤ ᠃      6. ᠬᠡᠦᠬᠡᠳ ᠢᠶᠠᠨ ᠰᠠᠶᠢᠨ ᠬᠠᠯᠠᠮᠵᠢᠯᠠᠭᠠᠷᠠᠢ᠃ ᠪᠢᠳᠠ ᠲᠠᠨ ᠳᠤ ᠴᠢᠩ ᠰᠡᠳᠬᠢᠯ ᠠᠴᠠ ᠪᠠᠨ ᠦᠢᠯᠡᠴᠢᠯᠡᠬᠦ ᠪᠣᠯᠣᠨ᠎ᠠ ᠃      ᠦᠵᠡᠯᠭᠡ ᠶᠢᠨ ᠯᠠᠪᠯᠠᠬᠤ ᠤᠲᠠᠰᠤ ᠄       · 15714837106᠎ ︵ᠬᠡᠦᠬᠡᠳ ᠤᠨ ᠡᠷᠡᠭᠦᠯ ᠮᠡᠨᠳᠦ ᠶᠢᠨ ᠲᠠᠰᠤᠭ ︶
 
ᠢᠷᠡᠯᠲᠡ᠄ ᠠᠯᠠᠱᠠ ᠵᠡᠭᠦᠨ ᠬᠤᠰᠢᠭᠤᠨ ᠤ ᠵᠠᠰᠠᠭ ᠤᠨ ᠣᠷᠳᠣᠨ ᠤ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号