ᠰᠢᠨᠬᠤᠸᠠ ᠵᠡᠭᠡᠯᠢ ᠭᠤᠳᠤᠮᠵᠢ ᠶᠢᠨ ᠬᠡᠷᠡᠭ ᠡᠷᠬᠢᠯᠡᠬᠦ ᠭᠠᠵᠠᠷ ᠤᠨ ᠦᠨᠳᠦᠰᠦᠲᠡᠨ ᠤ ᠵᠡᠭᠡᠯᠢ ᠨᠡᠶᠢᠭᠡᠮ ᠲᠣᠭᠤᠷᠢᠭ ᠤᠨ ᠬᠢᠨ ᠤᠯᠠᠨ ᠲᠦᠮᠡᠨ ᠤ ᠰᠠᠨᠠᠭᠠᠰᠢᠷᠠᠵᠤ ᠪᠠᠶᠢᠭ᠎ᠠ ᠶᠠᠪᠤᠳᠠᠯ ᠢ ᠪᠦᠬᠦ ᠬᠦᠴᠦᠨ ᠢᠶᠠᠷ ᠢᠶᠠᠨ ᠰᠢᠢᠳᠪᠦᠷᠢᠯᠡᠪᠡ
ᠨᠡᠶᠢᠲᠡᠯᠡᠭᠰᠡᠨ ᠴᠠᠭ᠄
2024/7/4
     ᠡᠨᠡ ᠬᠤᠶᠠᠷ ᠡᠳᠦᠷ᠂ ᠦᠨᠳᠦᠰᠦᠲᠡᠨ ᠤ ᠵᠡᠭᠡᠯᠢ ᠨᠡᠶᠢᠭᠡᠮ ᠲᠣᠭᠤᠷᠢᠭ ᠤᠨ ᠣᠶᠢᠯᠡᠰ ᠰᠠᠭᠤᠭᠠᠯᠢ ᠠᠷᠠᠳ ᠤᠨ ᠲᠣᠭᠤᠷᠢᠭ ᠲᠤ ᠰᠠᠭᠤᠭᠠᠯᠢ ᠠᠷᠠᠳ ᠢ ᠣᠯᠠᠨ ᠵᠢᠯ ᠦᠢᠮᠡᠭᠦᠯᠦᠭᠰᠡᠨ ᠨᠤᠷᠠᠬᠤ ᠠᠶᠤᠯᠲᠠᠶ ᠬᠠᠭᠤᠴᠢᠨ ᠰᠢᠪᠠᠷ ᠬᠡᠷᠡᠮ ᠤᠨ ᠠᠮᠤᠷ ᠲᠦᠪᠰᠢᠨ ᠤ ᠳᠠᠯᠳᠠ ᠭᠡᠮ ᠤᠨ ᠠᠰᠠᠭᠤᠳᠠᠯ ᠢ ᠡᠴᠦᠰ ᠲᠡᠭᠡᠨ ᠰᠢᠢᠳᠪᠦᠷᠢᠯᠡᠵᠡᠶ᠃ ᠨᠡᠶᠢᠭᠡᠮ ᠲᠣᠭᠤᠷᠢᠭ ᠨᠢ ᠣᠯᠠᠨ ᠲᠦᠮᠡᠨ ᠤ ᠬᠦᠰᠡᠯ ᠱᠠᠭᠠᠷᠳᠠᠯᠭ᠎ᠠ ᠶᠢ ᠣᠶᠢᠯᠠᠭᠠᠬᠤ ᠪᠠᠷ ᠳᠠᠮᠵᠢᠭᠤᠯᠤᠨ᠂ ᠲᠤᠰᠬᠠᠶ ᠪᠡᠯᠡ ᠮᠥᠩᠭᠦ ᠴᠢᠷᠮᠠᠶᠢᠨ ᠣᠯᠵᠤ᠂  ᠰᠠᠭᠤᠭᠠᠯᠢ ᠠᠷᠠᠳ ᠤᠨ ᠲᠣᠭᠤᠷᠢᠭ ᠲᠤ ᠰᠢᠨ᠎ᠡ ᠬᠡᠷᠡᠮ ᠪᠠᠶᠢᠭᠤᠯᠵᠤ ᠥᠭᠪᠡ᠃ ᠰᠢᠷᠣᠢ ᠶᠢᠨ ᠬᠡᠷᠡᠮ ᠢ ᠲᠦᠯᠬᠢᠨ ᠤᠨᠠᠭᠠᠬᠤ ᠶᠢ ᠳᠠᠭᠠᠯᠳᠤᠨ᠂ ᠰᠢᠨ᠎ᠡ ᠬᠡᠷᠡᠮ ᠤᠨ ᠰᠠᠭᠤᠷᠢ ᠶᠢ ᠮᠠᠯᠲᠠᠵᠤ ᠪᠥᠲᠥᠭᠡᠨ ᠪᠠᠶᠢᠭᠤᠯᠵᠤ᠂ ᠰᠠᠭᠤᠭᠠᠯᠢ ᠠᠷᠠᠳ ᠤᠨ ᠴᠢᠷᠠᠶ ᠳᠤᠨᠢ ᠢᠨᠢᠶᠡᠮᠰᠦᠭᠯᠡᠯ ᠲᠣᠳᠣᠷᠠᠪᠠ᠃    ᠠᠳᠠᠯᠢᠬᠠᠨ ᠪᠠᠶᠠᠷᠯᠠᠵᠤ ᠪᠠᠶᠢᠭ᠎ᠠ ᠨᠢ ᠨᠠᠨ ᠬᠤ᠋ ᠭᠥᠩ ᠭᠤᠸᠠᠨ ᠬᠤᠷᠢᠶᠠᠯᠠᠯ ᠤᠨ 11 ᠳ᠋ᠦ᠋ᠭᠡᠷ ᠨᠣᠮᠧᠷᠲᠤ ᠠᠰᠠᠷ ᠤᠨ ᠰᠠᠭᠤᠭᠠᠯᠢ ᠠᠷᠠᠳ ᠼᠤᠤ ᠭᠤᠸᠠᠩ ᠯᠢᠨ ᠪᠣᠯᠣᠨ᠎ᠠ᠃ ᠦᠳᠡ ᠶᠢᠨ ᠬᠠᠯᠠᠭᠤᠨ ᠳᠤ ᠼᠤᠤ ᠭᠤᠸᠠᠩ ᠯᠢᠨ ᠰᠠᠭᠤᠭᠠᠯᠢ ᠠᠷᠠᠳ ᠤᠨ ᠲᠣᠭᠤᠷᠢᠭ ᠤᠨ ᠡᠭᠦᠳᠡᠨ ᠳᠤ ᠣᠴᠢᠵᠤ ᠰᠢᠨ᠎ᠡ ᠳᠡᠪᠢᠰᠦᠭᠰᠡᠨ ᠱᠦᠢᠨᠢ ᠵᠠᠮ ᠢᠶᠠᠷ ᠨᠠᠰᠢ ᠴᠠᠰᠢ ᠪᠠᠶᠠᠷᠲᠠᠢ ᠠᠯᠬᠤᠯᠠᠵᠤ᠂ ᠠᠷᠠᠢ ᠬᠠᠳᠠᠵᠤ ᠠᠮᠵᠢᠭ᠎ᠠ ᠦᠭᠡᠢ ᠱᠦᠢᠨᠢ ᠵᠠᠮ ᠢᠶᠠᠷ ᠥᠩᠭᠡᠷᠡᠬᠦ ᠭᠡᠵᠤ ᠪᠠᠶᠢᠭ᠎ᠠ ᠲᠡᠷᠭᠡ ᠮᠠᠰᠢᠨ ᠢ ᠲᠣᠭᠤᠷᠢᠭᠤᠯᠣᠨ ᠶᠠᠪᠣᠭᠤᠯᠵᠣ᠂ ᠰᠢᠨ᠎ᠡ ᠵᠠᠮ ᠳᠡᠭᠡᠷ᠎ᠡ ᠬᠤᠴᠢᠵᠤ ᠲᠠᠯᠪᠢᠭᠰᠠᠨ ᠰᠦᠯᠢᠶᠣᠣ ᠪᠦᠷᠭᠦᠭᠦᠯ ᠨᠢ ᠰᠠᠯᠬᠢᠨ ᠳᠤ ᠬᠡᠶᠢᠰᠴᠢᠬᠡᠬᠦ ᠠᠴᠠ ᠪᠣᠯᠭᠤᠮᠵᠢᠯᠠᠵᠤ ᠪᠠᠶᠢᠩᠭᠤ ᠬᠠᠷᠠᠵᠤ ᠬᠤᠴᠢᠵᠤ᠂ ᠡᠨᠡ ᠬᠦ ᠣᠯᠠᠨ ᠤ ᠰᠡᠳᠬᠢᠯ ᠢ ᠵᠣᠪᠠᠭᠠᠵᠤ ᠪᠠᠶᠢᠭᠰᠠᠨ ᠡᠩᠬᠦᠯ ᠳᠣᠩᠬᠤᠯ ᠰᠢᠪᠠᠷ ᠵᠠᠮ ᠨᠢ ᠨᠡᠶᠢᠭᠡᠮ ᠲᠣᠭᠤᠷᠢᠭ ᠤᠨ ᠬᠢᠨ ᠤ ᠴᠢᠷᠮᠠᠶᠢᠯᠭ᠎ᠠ ᠲᠡᠮᠵᠢᠯᠡᠭᠡ ᠳᠣᠣᠷ᠎ᠠ ᠴᠤ᠋ ᠰᠢᠨ᠎ᠡ ᠱᠦᠢᠨᠢ ᠵᠠᠮ ᠪᠣᠯᠣᠨ ᠬᠤᠪᠢᠷᠠᠭᠰᠠᠨ ᠢ ᠬᠠᠷᠠᠭᠠᠳ ᠪᠠᠶᠠᠷᠯᠠᠵᠤ ᠪᠠᠶᠢᠭ᠎ᠠ ᠰᠡᠳᠬᠢᠯ ᠢᠶᠠᠨ ᠨᠢᠭᠤᠵᠣ ᠶᠠᠳᠠᠨ ᠢᠨᠢᠶᠡᠮᠰᠦᠭᠯᠡᠨ ᠠᠯᠬᠤᠯᠠᠵᠤ ᠪᠠᠶᠢᠭ᠎ᠠ ᠪᠢᠯᠡ᠃
 
ᠢᠷᠡᠯᠲᠡ᠄ ᠠᠯᠠᠱᠠ ᠵᠡᠭᠦᠨ ᠬᠤᠰᠢᠭᠤᠨ ᠤ ᠵᠠᠰᠠᠭ ᠤᠨ ᠣᠷᠳᠣᠨ ᠤ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号