﹇ᠪᠠᠴᠢᠮ ᠪᠠᠶᠢᠳᠠᠯ ᠢ ᠲᠦᠷᠭᠡᠨ ᠠᠷᠭᠠᠴᠠᠭᠠᠬᠤ﹈ ᠤᠷᠭᠠᠨᠢᠬ ᠹᠤᠰᠹᠤᠷᠳᠤ ᠲᠡᠷᠢᠶᠠᠨ ᠡᠮ ᠤᠨ ᠬᠤᠤᠷᠳᠠᠯ ᠤᠨ ᠠᠶᠤᠯ ᠭᠠᠮᠰᠢᠭ ᠤᠨ ᠲᠤᠬᠠᠢ ᠲᠠᠶᠢᠯᠤᠮᠵᠢ ᠪᠠ ᠰᠡᠷᠭᠡᠶᠢᠯᠡᠬᠦ ᠵᠥᠪᠯᠡᠮᠵᠢ
ᠨᠡᠶᠢᠲᠡᠯᠡᠭᠰᠡᠨ ᠴᠠᠭ᠄
2024/7/4
           ᠤᠷᠭᠠᠨᠢᠬ ᠹᠤᠰᠹᠤᠷᠳᠤ ᠲᠡᠷᠢᠶᠠᠨ ᠡᠮ ᠪᠤᠯ ᠮᠠᠨ ᠤ ᠤᠯᠤᠰ ᠤᠨ ᠤᠳᠤᠬᠠᠨ᠎ᠠ ᠬᠠᠮᠤᠭ ᠤᠨ ᠥᠷᠭᠡᠨ ᠭᠡᠷᠡᠭᠯᠡᠵᠤ ᠪᠠᠶᠢᠭ᠎ᠠ ᠲᠡᠷᠢᠶᠠᠨ ᠡᠮ ᠪᠤᠯᠤᠨ᠎ᠠ᠃ ᠬᠤᠤᠷᠳᠠᠯ ᠤᠨ ᠰᠢᠯᠳᠠᠭᠠᠨ ᠪᠤᠯ ᠭᠡᠪᠡᠯ ᠭᠤᠤᠯ ᠨᠢ ᠤᠷᠭᠠᠨᠢᠬ ᠹᠤᠰᠹᠤᠷᠳᠤ ᠲᠡᠷᠢᠶᠠᠨ ᠡᠮ ᠳᠤ ᠪᠤᠬᠢᠷᠳᠤᠭᠰᠠᠨ ᠢᠳᠡᠭᠡᠨ ᠢ ᠢᠳᠡᠭᠰᠡᠨ ᠠᠴᠠ ᠡᠬᠦᠰᠳᠡᠭ ᠪᠠᠶᠢᠨ᠎ᠠ᠃            ᠪᠠᠴᠢᠮ ᠪᠠᠶᠢᠳᠠᠯ ᠢ ᠲᠦᠷᠭᠡᠨ ᠠᠷᠭᠠᠴᠠᠬᠤ ᠭᠤᠤᠯᠳᠠᠯᠭ᠎ᠠ            ᠬᠤᠤᠷ ᠠᠬᠤᠭᠤᠯᠤᠭᠳᠠᠵᠤ ᠪᠠᠶᠢᠵᠤ ᠮᠡᠳᠡᠬᠦ ᠢᠳᠡᠭᠡᠨ ᠢ ᠢᠳᠡᠬᠦ ᠪᠠᠨ ᠲᠡᠷᠦ᠋ᠢᠬᠠᠨ ᠵᠤᠭᠰᠤᠬᠤ ᠪᠠ ᠪᠢᠳᠡᠬᠦᠮᠵᠢᠯᠡᠨ ᠬᠠᠳᠠᠭᠠᠯᠠᠨ᠎ᠠ᠃            ᠲᠡᠷᠦ᠋ᠢᠬᠠᠨ ᠪᠥᠭᠡᠯᠵᠢᠵᠤ ᠭᠠᠷᠭᠠᠬᠤ ᠪᠠ ᠬᠤᠳᠤᠭᠤᠳᠤ ᠪᠠᠨ ᠤᠬᠢᠶᠠᠯᠭᠠᠨ᠎ᠠ᠃            ᠮᠠᠨᠠᠷᠠᠭᠰᠠᠳ ᠤᠨ ᠠᠮᠢᠰᠬᠤᠯ ᠤᠨ ᠵᠠᠮ ᠢ ᠨᠢ ᠰᠢᠯᠤᠭᠤᠨ ᠪᠠᠶᠢᠯᠭᠠᠬᠤ ᠪᠠ ᠬᠠᠵᠠᠭᠤᠯᠳᠠᠭᠤᠯᠤᠨ ᠭᠡᠪᠳᠡᠬᠦᠯᠵᠤ᠂ ᠮᠥᠭᠡᠷᠰᠥᠨ ᠬᠤᠭᠤᠯᠠᠢ ᠶᠢ ᠨᠢ ᠪᠥᠭᠡᠯᠵᠢᠭᠰᠡᠨ ᠠᠴᠠ ᠪᠤᠯᠵᠤ ᠪᠥᠳᠡᠬᠦ ᠠᠴᠠ ᠰᠡᠷᠭᠡᠶᠢᠯᠡᠨ᠎ᠡ᠃            ᠲᠡᠷᠦ᠋ᠢᠬᠠᠨ ᠤᠶᠢᠷ᠎ᠠ ᠤᠷᠴᠢᠮ ᠤᠨ ᠡᠮᠨᠡᠯᠭᠡ ᠳᠤ ᠬᠥᠷᠭᠡᠨ ᠲᠥᠷᠭᠡᠨ ᠠᠪᠤᠷᠠᠯᠳᠠ ᠬᠢᠯᠭᠡᠨ᠎ᠡ᠃            ᠰᠠᠨᠠᠭᠤᠯᠤᠮᠵᠢ᠄            ᠤᠷᠭᠠᠨᠢᠬ ᠹᠤᠰᠹᠤᠷᠳᠤ ᠲᠡᠷᠢᠶᠠᠨ ᠡᠮ ᠢ ᠲᠤᠰᠬᠠᠢ ᠬᠥᠮᠥᠨ ᠬᠠᠮᠢᠶᠠᠷᠴᠤ᠂ ᠲᠤᠰᠠᠭᠠᠷ ᠨᠢ ᠬᠠᠳᠠᠭᠠᠯᠠᠵᠤ᠂ ᠲᠤᠰᠬᠠᠢ ᠪᠠᠭᠠᠵᠢ ᠭᠡᠷᠡᠭᠰᠡᠯ ᠢ ᠭᠡᠷᠡᠭᠯᠡᠬᠦ ᠭᠡᠷᠡᠭᠳᠡᠢ᠃            ᠡᠮ ᠨᠠᠶᠢᠷᠠᠭᠤᠯᠬᠤ ᠪᠠ ᠥᠷ᠎ᠡ ᠪᠠᠭᠰᠤᠷᠠᠬᠤ ᠳᠠᠭᠠᠨ ᠮᠠᠯ ᠤᠨ ᠬᠠᠰᠢᠶ᠎ᠠ᠂ ᠤᠮᠳᠠ ᠤᠰᠤᠨ ᠤ ᠰᠤᠷᠪᠤᠯᠵᠢ ᠪᠠ ᠲᠠᠷᠪᠤᠰ ᠵᠢᠮᠢᠰ ᠤᠨ ᠭᠠᠵᠠᠷ ᠲᠠᠷᠢᠶ᠎ᠠ ᠠᠴᠠ ᠬᠤᠯᠠᠬᠠᠨ ᠪᠠᠶᠢᠯᠭᠠᠵᠤ᠂ ᠪᠤᠬᠢᠷᠳᠤᠭᠤᠯᠬᠤ ᠠᠴᠠ ᠰᠡᠷᠭᠡᠶᠢᠯᠡᠨ᠎ᠡ᠃            ᠤᠷᠭᠠᠨᠢᠬ ᠹᠤᠰᠹᠤᠷᠳᠤ ᠲᠡᠷᠢᠶᠠᠨ ᠡᠮ ᠨᠢ ᠪᠠᠰᠠ ᠠᠮᠢᠰᠬᠤᠯ ᠤᠨ ᠵᠠᠮ᠂ ᠠᠷᠠᠰᠤ ᠬᠥᠷᠥᠰᠤ ᠪᠠᠷ ᠲᠡᠮᠵᠢᠨ ᠬᠥᠮᠥᠨ ᠤ ᠪᠡᠶ᠎ᠡ ᠳᠤ ᠤᠷᠤᠵᠤ ᠬᠤᠤᠷᠳᠠᠯ ᠡᠬᠦᠰᠭᠡᠳᠡᠭ᠂ ᠡᠶᠢᠮᠥ ᠠᠴᠠ ᠲᠡᠷᠢᠶᠠᠨ ᠡᠮ ᠰᠥᠷᠴᠢᠬᠦ ᠳᠡᠭᠡᠨ ᠡᠷᠭᠡᠪᠰᠢ ᠬᠤᠪᠢ ᠬᠥᠮᠥᠨ ᠤ ᠰᠡᠷᠭᠡᠶᠢᠯᠡᠯᠳᠡ ᠬᠠᠮᠠᠭᠠᠯᠠᠯᠳᠠ ᠶᠢ ᠰᠠᠶᠢᠳᠤᠷ ᠬᠢᠵᠤ᠂ ᠰᠠᠯᠬᠢᠨ ᠤ ᠤᠷᠤᠭᠤ ᠰᠥᠷᠴᠢᠬᠦ ᠪᠠ ᠡᠮ ᠰᠥᠷᠴᠢᠭᠰᠡᠨ ᠤ ᠪᠠᠨ ᠰᠡᠬᠦᠯᠡᠷ ᠰᠠᠪᠤᠩ ᠲᠠᠢ ᠤᠰᠤ ᠪᠠᠷ ᠨᠢᠭᠤᠷ ᠭᠠᠷ ᠢᠶᠠᠨ ᠰᠠᠶᠢᠳᠤᠷ ᠤᠬᠢᠶᠠᠬᠤ ᠭᠡᠷᠡᠭᠳᠡᠢ᠃            ᠲᠡᠷᠢᠶᠠᠨ ᠡᠮ ᠰᠠᠪᠠᠯᠠᠵᠤ ᠥᠡᠭᠭᠡᠷᠡᠭᠰᠡᠨ ᠰᠠᠪᠠ ᠪᠤᠭᠤᠳᠠᠯ ᠳᠤ ᠬᠤᠭᠤᠯᠠ ᠤᠮᠳᠠᠭᠠᠨ ᠰᠠᠪᠠᠯᠠᠬᠤ  ᠶᠢ ᠬᠤᠷᠢᠭᠯᠠᠬᠤ ᠭᠡᠷᠡᠭᠳᠡᠢ᠃ ᠠᠮᠤ ᠪᠤᠳᠠᠭ᠎ᠠ᠂ ᠲᠠᠷᠪᠤᠰ ᠵᠢᠮᠢᠰ᠂ ᠢᠳᠡᠰᠢᠨ ᠨᠤᠭᠤᠭ᠎ᠠ ᠪᠠ ᠪᠤᠰᠤᠳ ᠵᠥᠢᠯ ᠤᠨ ᠢᠳᠡᠭᠡᠨ ᠤ ᠵᠥᠢᠯ ᠢ ᠤᠷᠭᠠᠨᠢᠬ ᠹᠤᠰᠹᠤᠷᠳᠤ ᠲᠡᠷᠢᠶᠠᠨ ᠡᠮ ᠲᠠᠢ ᠴᠤᠭ ᠠᠴᠢᠶᠠᠯᠠᠵᠤ ᠵᠥᠭᠡᠭᠡᠪᠥᠷᠢᠯᠡᠬᠦ ᠶᠢ ᠡᠷᠡᠰ ᠬᠤᠷᠢᠭᠯᠠᠬᠤ ᠭᠡᠷᠡᠭᠳᠡᠢ᠃  
 
ᠢᠷᠡᠯᠲᠡ᠄ ᠠᠯᠠᠱᠠ ᠵᠡᠭᠦᠨ ᠬᠤᠰᠢᠭᠤᠨ ᠤ ᠵᠠᠰᠠᠭ ᠤᠨ ᠣᠷᠳᠣᠨ ᠤ ᠮᠣᠩᠭᠤᠯ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号