︽ᠪᠢᠴᠢᠬᠠᠨ ᠴᠠᠭᠳᠠᠨ ᠬᠠᠮᠠᠭᠠᠯᠠᠭᠴᠢ︾ ᠡᠵᠢ ᠠᠭᠤᠯᠠ ᠪᠠᠨ ᠰᠠᠬᠢᠨ ᠬᠠᠮᠠᠭᠠᠯᠠᠵᠤ ᠪᠣᠢ
ᠨᠡᠶᠢᠲᠡᠯᠡᠭᠰᠡᠨ ᠴᠠᠭ᠄
2024/8/14
     8 ᠰᠠᠷ᠎ᠠ ᠶᠢᠨ 2᠎ ᠤᠨ ᠡᠳᠦᠷ᠂ ᠥᠪᠥᠷ ᠮᠣᠩᠭᠤᠯ ᠤᠨ ᠠᠯᠠᠱᠠ ᠠᠭᠤᠯᠠ ᠶᠢᠨ ᠤᠯᠤᠰ ᠤᠨ ᠲᠠᠰ ᠤᠨ ᠪᠠᠶᠢᠭᠠᠯᠢ ᠶᠢᠨ ᠬᠠᠮᠠᠭᠠᠯᠠᠯᠲᠠ ᠶᠢᠨ ᠣᠷᠣᠨ ᠤ ᠬᠤᠶᠠᠳᠤᠭᠠᠷ ᠬᠤᠭᠤᠴᠠᠭᠠᠨ ᠤ ︽ᠣᠶ ᠰᠢᠭᠤᠶ ᠶᠢ ᠬᠠᠮᠠᠭᠠᠯᠠᠬᠤ ᠨᠡᠭᠡᠭᠡᠯᠲᠡᠲᠦ ᠡᠳᠦᠷ︾᠎ ᠤᠨ ᠠᠵᠢᠯᠯᠠᠭ᠎ᠠ ᠪᠣᠯᠵᠤᠭ᠎ᠠ ᠶᠣᠰᠣᠭᠠᠷ ᠶᠠᠪᠤᠭᠳᠠᠵᠤ᠂ 34 ︽ᠪᠢᠴᠢᠬᠠᠨ ᠲᠣᠭᠤᠷᠢᠨ ᠬᠠᠮᠠᠭᠠᠯᠠᠭᠴᠢ︾ ᠵᠢᠴᠢ ᠬᠡᠷ ᠤᠨ ᠠᠬᠠᠮᠠᠳ ᠣᠶ ᠰᠢᠭᠤᠶ ᠶᠢᠨ ᠬᠠᠮᠠᠭᠠᠯᠠᠭᠴᠢ ᠶᠢ ᠳᠠᠭᠠᠵᠤ ᠨᠢᠭᠡ ᠡᠳᠦᠷ ᠤᠨ ᠲᠣᠭᠤᠷᠢᠨ ᠬᠠᠮᠠᠭᠠᠯᠠᠬᠤ ᠠᠵᠢᠯ ᠢ ᠬᠠᠮᠲᠤ ᠪᠠᠷ ᠡᠬᠢᠯᠡᠭᠦᠯᠵᠦ᠂ ᠪᠣᠳᠠᠲᠤ ᠠᠵᠢᠯᠯᠠᠭ᠎ᠠ ᠪᠠᠷ ᠢᠶᠠᠨ ᠡᠪᠡᠰᠦ ᠮᠣᠳᠣ ᠶᠢ ᠰᠠᠬᠢᠨ ᠬᠠᠮᠠᠭᠠᠯᠠᠬᠤ ᠶᠢᠨ ᠬᠠᠮᠲᠣ ᠠᠯᠠᠱᠠ ᠠᠭᠤᠯᠠ ᠶᠢᠨ ᠮᠣᠳᠣ ᠰᠣᠳᠣ ᠡᠪᠡᠰᠦ ᠤᠡᠭᠤᠮᠠᠯ ᠲᠠᠢ ᠲᠠᠨᠢᠯᠴᠠᠪᠠ᠃    ᠠᠯᠠᠱᠠ ᠠᠭᠤᠯᠠ ᠶᠢᠨ ᠬᠠᠷ᠎ᠠ ᠠᠭᠤᠯᠠ ᠬᠠᠮᠢᠶᠠᠷᠤᠯᠲᠠ ᠶᠢᠨ ᠥᠷᠲᠡᠭᠡ ᠶᠢᠨ ᠵᠠᠮ ᠠᠴᠠ ᠡᠮᠦᠨᠡᠰᠢ ᠪᠠᠨ ᠶᠠᠪᠣᠵᠣ ᠴᠠᠬᠢᠯᠳᠠᠭ ᠤᠨ ᠨᠠᠭᠤᠷ ᠬᠠᠮᠢᠶᠠᠷᠤᠨ ᠬᠠᠮᠠᠭᠠᠯᠠᠬᠤ ᠥᠷᠲᠡᠭᠡ ᠵᠢᠴᠢ ᠳ᠋ᠠ ᠳ᠋ᠢᠶᠠᠨ ᠭᠧᠦ ᠳᠤ ᠬᠦᠷᠬᠦ ᠳᠤ᠂ ᠨᠣᠭᠤᠭᠠᠨ ᠦᠩᠭᠡ ᠪᠠᠷ ᠬᠤᠴᠢᠭᠳᠠᠭᠰᠠᠨ ᠠᠭᠤᠯᠠ᠂ ᠢᠭᠴᠤ ᠰᠠᠬᠤᠯᠢᠭ ᠤᠢ ᠰᠢᠭᠤᠢ ᠡᠪᠡᠰᠦ ᠣᠷᠭᠤᠮᠠᠯ  ᠣᠯᠠᠨ ᠤ ᠨᠢᠳᠣᠨ ᠳᠤ ᠬᠠᠷᠠᠭᠳᠠᠪᠠ᠃ ᠤᠢ ᠰᠢᠭᠤᠶ ᠶᠢᠨ ᠬᠠᠮᠠᠭᠠᠯᠠᠭᠴᠢ ᠶᠢᠨ ᠨᠠᠷᠢᠨ ᠬᠢᠨᠠᠮᠠᠭᠠᠢ ᠲᠠᠶᠢᠯᠤᠮᠵᠢ ᠶᠢᠨ ᠳᠣᠣᠷ᠎ᠠ᠂ ︽ᠪᠢᠴᠢᠬᠠᠨ ᠲᠣᠭᠤᠷᠢᠨ ᠬᠠᠮᠠᠭᠠᠯᠠᠭᠴᠢ︾ ᠨᠠᠷ ᠣᠶ ᠰᠢᠭᠤᠶ ᠶᠢᠨ ᠭᠠᠯ ᠠᠴᠠ ᠰᠡᠷᠭᠡᠶᠢᠯᠡᠬᠦ ᠲᠥᠬᠦᠭᠡᠷᠦᠮᠵᠢ ᠪᠣᠯᠤᠨ ᠤᠢ ᠰᠢᠭᠤᠶ ᠶᠢᠨ ᠭᠠᠯ ᠠᠴᠠ ᠰᠡᠷᠭᠡᠶᠢᠯᠡᠬᠦ ᠮᠡᠳᠡᠯᠭᠡ ᠶᠢ ᠣᠶᠢᠯᠠᠭᠠᠪᠠ᠃ 5 ᠺᠢᠯᠣᠮᠧᠲᠷ ᠤᠨ ᠵᠠᠮ ᠢ ᠶᠠᠪᠠᠭᠠᠨ ᠢᠶᠠᠷ ᠲᠠᠭᠤᠯᠵᠣ᠂ ᠣᠯᠠᠨ ᠪᠦᠭᠦᠳᠡᠭᠡᠷ ᠢᠶᠠᠨ ᠶᠡᠷᠢᠯᠴᠠᠭ᠎ᠠ ᠶᠢᠨ ᠳᠣᠮᠳᠠ ᠣᠶ ᠰᠢᠭᠤᠶ ᠶᠢ ᠲᠣᠭᠤᠷᠢᠨ ᠬᠠᠮᠠᠭᠠᠯᠠᠬᠤ ᠠᠵᠢᠯ ᠪᠠᠨ ᠥᠷᠨᠢᠭᠦᠯᠵᠦ᠂ ᠬᠡᠭᠡᠷ᠎ᠡ ᠶᠢᠨ ᠤᠷᠭᠤᠮᠠᠯ᠂ ᠰᠢᠪᠠᠵᠢ ᠬᠤᠷᠣᠬᠠᠢ ᠶᠢ ᠢᠯᠭᠠᠨ ᠲᠠᠨᠢᠬᠤ ᠮᠡᠳᠡᠯᠭᠡ ᠶᠢ ᠰᠤᠷᠤᠯᠴᠠᠵᠤ᠂  ᠬᠡᠲᠦ ᠤᠯᠠᠭᠠᠨ ᠤ ᠰᠡᠭᠦᠳᠡᠷᠯᠡᠬᠦ ᠮᠠᠰᠢᠨ ᠢ ᠠᠷᠠᠴᠢᠯᠠᠬᠤ᠂ ᠡᠪᠡᠳᠴᠢᠨ ᠪᠠ ᠬᠤᠷᠣᠬᠠᠶ ᠶᠢᠨ ᠬᠥᠨᠥᠭᠡᠯ ᠢ ᠬᠢᠨᠠᠨ ᠬᠡᠮᠵᠢᠬᠦ ᠵᠡᠷᠭᠡ ᠳᠤ ᠣᠷᠣᠯᠴᠠᠪᠠ᠃ ᠠᠵᠢᠯᠯᠠᠭ᠎ᠠ ᠶᠢᠨ ᠡᠴᠦᠰ ᠲᠤ᠂ ᠰᠤᠷᠤᠭᠴᠢᠳ ᠪᠣᠯᠤᠨ ᠭᠡᠷ ᠤᠨ ᠠᠬᠠᠮᠠᠳ ︽ᠮᠢᠨᠦ ᠨᠢᠳᠦᠨ ᠳᠠᠬᠢ ᠠᠯᠠᠱᠠ ᠠᠭᠤᠯᠠ︾ ᠭᠡᠬᠦ ᠰᠡᠳᠦᠪ ᠢᠶᠠᠷ ᠬᠠᠮᠲᠤ ᠪᠠᠷ ᠵᠢᠷᠤᠵᠦ᠂ ᠠᠳᠠᠯᠢ ᠪᠤᠰᠤ ᠥᠩᠭᠡ ᠶᠢᠨ ᠵᠢᠷᠤᠭ ᠤᠨ ᠪᠢᠷ ᠢᠶᠠᠷ ᠠᠯᠠᠱᠠ ᠠᠭᠤᠯᠡ ᠳᠤ ᠪᠠᠨ ᠬᠠᠶᠢᠷᠠᠲᠠᠢ ᠰᠡᠳᠬᠢᠯᠭᠡ ᠪᠠᠨ ᠢᠯᠡᠳᠭᠡᠪᠡ᠃
   ᠣᠶᠢᠷ᠎ᠠ ᠶᠢᠨ ᠵᠢᠯ ᠤᠨ ᠲᠤᠷᠰᠢ᠂ ᠠᠯᠠᠱᠠ ᠠᠭᠤᠯᠠ ᠶᠢᠨ ᠠᠮᠢ ᠠᠬᠤᠶ ᠶᠢᠨ ᠣᠷᠴᠢᠨ ᠲᠣᠭᠤᠷᠢᠨ ᠵᠢᠯ ᠳᠠᠷᠠᠭᠠᠯᠠᠨ ᠰᠡᠷᠭᠦᠵᠦ᠂ ᠣᠯᠠᠨ ᠨᠡᠶᠢᠲᠡ ᠶᠢᠨ ᠣᠶ ᠰᠢᠭᠤᠶ ᠶᠢ ᠬᠠᠮᠠᠭᠠᠯᠠᠬᠤ ᠤᠬᠠᠮᠰᠠᠷ ᠢ ᠴᠢᠩᠭᠠᠳᠬᠠᠬᠤ ᠶᠢᠨ ᠲᠥᠯᠥᠭᠡ᠂ ᠥᠪᠥᠷ ᠮᠣᠩᠭᠤᠯ ᠤᠨ ᠠᠯᠠᠱᠠ ᠠᠭᠤᠯᠠᠨ ᠤ ᠤᠯᠤᠰ ᠤᠨ ᠲᠠᠰ ᠤᠨ ᠪᠠᠶᠢᠭᠠᠯᠢ ᠶᠢᠨ ᠬᠠᠮᠠᠭᠠᠯᠠᠯᠲᠠ ᠶᠢᠨ ᠣᠷᠣᠨ ᠤ ᠬᠠᠮᠢᠶᠠᠷᠤᠯᠲᠠ ᠶᠢᠨ ᠲᠣᠪᠴᠢᠶ᠎ᠠ ︽ᠣᠶ ᠰᠢᠭᠤᠶ ᠶᠢ ᠬᠠᠮᠠᠭᠠᠯᠠᠬᠤ ᠨᠡᠭᠡᠭᠡᠯᠲᠡᠲᠦ ᠡᠳᠦᠷ︾᠎ ᠤᠨ ᠠᠵᠢᠯᠯᠠᠭ᠎ᠠ ᠶᠢ ᠵᠣᠬᠢᠶᠠᠨ ᠪᠠᠶᠢᠭᠤᠯᠵᠤ ᠥᠷᠨᠢᠭᠦᠯᠪᠡ᠃ ᠠᠵᠢᠯᠯᠠᠭ᠎ᠠ ᠨᠢ ᠮᠠᠰᠢ ᠣᠯᠠᠨ ᠭᠡᠷ ᠪᠦᠯᠢ ᠶᠢᠨ ᠳᠤᠷ᠎ᠠ ᠰᠣᠨᠢᠷᠬᠠᠯ ᠢ ᠲᠡᠳᠡᠭ᠌ᠰᠠᠨ ᠪᠦᠭᠡᠳ ︽ᠡᠬᠡ ᠠᠭᠤᠯᠠ︾᠎ ᠎ ᠪᠠᠨ ᠪᠠᠲᠤ ᠰᠠᠬᠢᠵᠤ ᠪᠠᠶᠢᠭ᠎ᠠ ᠣᠢ ᠰᠢᠭᠤᠶ ᠶᠢᠨ ᠬᠠᠮᠠᠭᠠᠯᠠᠭᠴᠢᠳ ᠤᠨ ᠰᠢᠷᠭᠠᠭᠤ ᠬᠥᠳᠡᠯᠮᠦᠷᠢ ᠪᠠ ᠬᠤᠪᠢ ᠨᠡᠮᠡᠷᠢ ᠶᠢ ᠨᠡᠶᠢᠭᠡᠮ ᠨᠡᠶᠢᠲᠡ ᠳᠤ ᠬᠠᠷᠠᠭᠤᠯᠵᠤ᠂ ᠠᠯᠠᠱᠠ ᠠᠭᠤᠯᠠᠨ ᠤ ᠥᠩᠭᠡ ᠵᠢᠰᠦᠮ ᠪᠠ ᠴᠤᠭ ᠵᠢᠪᠬᠤᠭ᠎ᠠ ᠶᠢ ᠢᠯᠡᠷᠡᠭᠦᠯᠬᠦ ᠶᠢᠨ ᠬᠠᠮᠲᠤ ᠬᠠᠮᠠᠭᠠᠯᠠᠯᠲᠠ ᠶᠢᠨ ᠣᠷᠣᠨ ᠤ ᠣᠯᠠᠨ ᠵᠢᠯ ᠤᠨ ᠲᠤᠷᠰᠢᠬᠢ ᠠᠮᠢ ᠠᠬᠤᠢ ᠶᠢᠨ ᠪᠦᠲᠦᠭᠡᠨ ᠪᠠᠶᠢᠭᠤᠯᠤᠯᠲᠠ ᠶᠢᠨ ᠦᠷ᠎ᠡ ᠪᠦᠲᠦᠭᠡᠯ ᠢ ᠳᠡᠯᠭᠡᠨ ᠦᠵᠡᠭᠦᠯᠵᠡᠶ᠃
 
ᠢᠷᠡᠯᠲᠡ᠄ ᠠᠯᠠᠱᠠ ᠵᠡᠭᠦᠨ ᠬᠤᠰᠢᠭᠤᠨ ᠤ ᠵᠠᠰᠠᠭ ᠤᠨ ᠣᠷᠳᠣᠨ ᠤ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号