ᠠᠯᠠᠱᠠ ᠵᠡᠭᠦᠨ ᠬᠤᠰᠢᠭᠤᠨ ᠤ ᠰᠤᠷᠭᠠᠨ ᠬᠥᠮᠦᠵᠢᠯ ᠪᠡᠶ᠎ᠡ ᠶᠢᠨ ᠲᠠᠮᠢᠷ ᠤᠨ ᠲᠣᠪᠴᠢᠶ᠎ᠠ ᠶᠢᠨ 2024 ᠣᠨ ᠤ ᠬᠡᠦᠬᠡᠳ ᠤᠨ ᠴᠡᠴᠡᠷᠯᠢᠭ ᠤᠨ ᠪᠠᠭ᠎ᠠ ᠰᠤᠷᠭᠠᠭᠤᠯᠢ ᠶᠢᠨ ᠠᠩᠬ᠎ᠠ ᠵᠡᠷᠭᠡ ᠶᠢᠨ ᠳᠤᠮᠳᠠᠳᠤ ᠰᠤᠷᠭᠠᠭᠤᠯᠢ ᠶᠢᠨ ᠰᠣᠷᠣᠭᠴᠢ ᠡᠯᠰᠡᠬᠦ ᠲᠥᠰᠥᠯ ᠤᠨ ᠲᠠᠶᠢᠯᠤᠮᠵᠢ
ᠨᠡᠶᠢᠲᠡᠯᠡᠭᠰᠡᠨ ᠴᠠᠭ᠄
2024/8/22
                             1. ︽ᠰᠣᠷᠣᠭᠴᠢ ᠡᠯᠰᠡᠬᠦ ᠲᠥᠰᠥᠯ︾᠎ ᠎ ᠨᠢ ᠬᠡᠦᠬᠡᠳ ᠤᠨ ᠴᠡᠴᠡᠷᠯᠢᠭ ᠤᠨ ᠰᠣᠷᠣᠭᠴᠢ ᠡᠯᠰᠡᠬᠦ ᠵᠠᠷᠴᠢᠮ ᠳᠤ ︽ᠨᠠᠰᠤᠨ ᠳᠤ ᠭᠦᠷᠦᠭᠰᠡᠨ ᠬᠡᠦᠬᠡᠳ ᠤᠨ ᠴᠡᠴᠡᠷᠯᠢᠭ ᠲᠤ ᠣᠷᠣᠬᠤ︾᠎  ᠲᠤᠬᠠᠢ ᠶᠠᠷᠢᠬᠤ ᠳᠠᠭᠠᠨ᠂ ᠶᠠᠭᠠᠬᠢᠭᠠᠳ ᠬᠡᠦᠬᠡᠳ ᠤᠨ ᠴᠡᠴᠡᠷᠯᠢᠭ ᠨᠢ ᠵᠥᠪᠬᠡᠨ ᠪᠦᠬᠦᠯᠢ ᠭᠤᠷᠪᠠᠨ ᠨᠠᠰᠤ ᠭᠦᠷᠦᠭᠰᠡᠨ ᠬᠡᠦᠬᠡᠳ ᠢ ᠡᠯᠰᠡᠳᠡᠭ ᠪᠣᠶ︖᠎              ᠬᠠᠷᠢᠭᠤᠯᠲᠠ᠄  ︽ᠪᠦᠭᠦᠳᠡ ᠨᠠᠶᠢᠷᠠᠮᠳᠠᠬᠤ ᠳᠤᠮᠳᠠᠳᠤ ᠠᠷᠠᠳ ᠤᠯᠤᠰ ᠤᠨ ᠰᠤᠷᠬᠤ ᠨᠠᠰᠤᠨ ᠠᠴᠠ ᠡᠮᠦᠨᠡᠬᠢ ᠰᠤᠷᠭᠠᠨ ᠬᠥᠮᠦᠵᠢᠯ ᠤᠨ ᠬᠠᠤᠯᠢ ᠶᠢᠨ ᠲᠥᠰᠥᠯ︾᠎ ᠎ ᠳᠤ᠂ ᠮᠠᠨ ᠤ ᠤᠯᠤᠰ ᠤᠨ ᠰᠤᠷᠬᠤ ᠨᠠᠰᠤᠨ ᠠᠴᠠ ᠡᠮᠦᠨᠡᠬᠢ ᠰᠤᠷᠭᠠᠨ ᠬᠥᠮᠦᠵᠢᠯ ᠳᠤ 3 ᠵᠢᠯ ᠤᠨ ᠳᠦᠷᠢᠮ ᠢ ᠬᠡᠷᠡᠭᠵᠢᠭᠦᠯᠦᠨ᠎ᠡ᠂ ᠡᠭᠦᠨ ᠳᠤ ᠰᠤᠷᠬᠤ ᠨᠠᠰᠤᠨ ᠤ ᠬᠡᠦᠬᠡᠳ ᠪᠣᠯ 3-6 ᠨᠠᠰᠤᠨ ᠤ ᠰᠤᠷᠬᠤ ᠨᠠᠰᠤᠨ ᠤ ᠬᠡᠦᠬᠡᠳ ᠪᠣᠯᠣᠨ᠎ᠠ ᠭᠡᠵᠦ ᠲᠣᠳᠣᠷᠬᠠᠢ ᠲᠣᠭᠲᠠᠭᠠᠵᠠᠢ᠃ ᠣᠳᠣᠬᠠᠨ ᠳᠤ᠂ ᠮᠠᠨ ᠤ ᠠᠯᠠᠱᠠ ᠵᠡᠭᠦᠨ ᠬᠤᠰᠢᠭᠤᠨ ᠤ ᠪᠠᠶᠠᠨᠬᠤᠲᠠ ᠣᠷᠣᠨ ᠤ ᠡᠯ᠎ᠡ ᠠᠯᠪᠠᠨ ᠠᠴᠠ ᠡᠷᠭᠢᠯᠡᠭᠰᠡᠨ ᠬᠡᠦᠬᠡᠳ ᠤᠨ ᠴᠡᠴᠡᠷᠯᠢᠭ ᠤᠨ ᠡᠷᠳᠡᠮ ᠤᠨ ᠴᠣᠯᠠ ᠲᠡᠶᠢᠮᠦ ᠭᠦᠢᠴᠡᠳ ᠦᠭᠡᠢ ᠰᠢᠯᠲᠠᠭᠠᠨ ᠠᠴᠠ ᠪᠣᠯᠵᠤ᠂ ᠵᠥᠪᠬᠡᠨ ᠪᠦᠬᠦᠯᠢ 3 ᠨᠠᠰᠤ ᠭᠦᠷᠦᠭᠰᠡᠨ ᠬᠡᠦᠬᠡᠳ ᠢ ᠯᠡ ᠡᠯᠰᠡᠵᠦ ᠪᠠᠶᠢᠨ᠎ᠠ᠃ ᠠᠷᠠᠳ ᠠᠴᠠ ᠡᠷᠭᠢᠯᠡᠭᠰᠡᠨ ᠬᠡᠦᠬᠡᠳ ᠤᠨ ᠴᠡᠴᠡᠷᠯᠢᠭ ᠪᠣᠯᠣᠨ ᠮᠠᠯᠵᠢᠬᠤ ᠲᠠᠷᠢᠶᠠᠯᠠᠬᠤ ᠣᠷᠣᠨ ᠤ ᠬᠡᠦᠬᠡᠳ ᠤᠨ ᠴᠡᠴᠡᠷᠯᠢᠭ ᠲᠤ ᠨᠥᠬᠦᠴᠡᠯ ᠲᠠᠢ ᠪᠣᠯ ᠪᠢᠳᠡ ᠪᠠᠰᠠ 2-3 ᠨᠠᠰᠤᠨ ᠤ ᠬᠡᠦᠬᠡᠳ ᠰᠠᠭᠠᠲᠠᠭᠤᠯᠬᠤ ᠠᠩᠭᠢ ᠡᠷᠭᠢᠯᠡᠬᠦ ᠶᠢ ᠵᠣᠷᠢᠭᠵᠢᠭᠤᠯᠤᠨ᠎ᠠ᠃                        2. ᠪᠠᠶᠠᠨᠬᠤᠲᠠ ᠭᠠᠵᠠᠷ ᠣᠷᠣᠨ ᠤ ᠠᠯᠪᠠᠨ ᠠᠴᠠ ᠡᠷᠭᠢᠯᠡᠭᠰᠡᠨ ᠬᠡᠦᠬᠡᠳ ᠤᠨ ᠴᠡᠴᠡᠷᠯᠢᠭ ᠢ ᠶᠠᠭᠤᠨ ᠳᠤ ᠰᠤᠷᠭᠠᠭᠤᠯᠢ ᠶᠢᠨ ᠲᠣᠭᠤᠷᠢᠭ ᠪᠣᠯᠭᠠᠨ ᠬᠤᠪᠢᠶᠠᠵᠤ᠂ ᠠᠷᠠᠳ ᠠᠴᠠ ᠡᠷᠭᠢᠯᠡᠭᠰᠡᠨ ᠬᠡᠦᠬᠡᠳ ᠤᠨ ᠴᠡᠴᠡᠷᠯᠢᠭ ᠢ ᠰᠤᠷᠭᠠᠭᠤᠯᠢ ᠶᠢᠨ ᠲᠣᠭᠤᠷᠢᠭ ᠪᠣᠯᠭᠠᠨ             ᠬᠠᠷᠢᠭᠤᠯᠲᠠ᠄  ︽ᠤᠯᠤᠰ ᠤᠨ ᠤᠷᠲᠤᠪᠲᠤᠷ ᠪᠠ ᠤᠷᠲᠤ ᠬᠤᠭᠤᠴᠠᠭᠠᠨ ᠤ ᠰᠤᠷᠭᠠᠨ ᠬᠥᠮᠦᠵᠢᠯ ᠤᠨ ᠥᠭᠡᠷᠡᠴᠢᠯᠡᠯᠲᠡ ᠪᠠ ᠬᠥᠭᠵᠢᠭᠦᠯᠦᠯᠲᠡ ᠶᠢᠨ ᠲᠥᠯᠦᠪᠵᠢᠭᠦᠯᠭᠡ ᠶᠢᠨ ᠲᠣᠪᠴᠢ︾᠎ ᠎ ᠳᠤ᠂ ᠮᠠᠨ ᠤ ᠤᠯᠤᠰ ᠤᠨ ᠰᠤᠷᠬᠤ ᠨᠠᠰᠤᠨ ᠠᠴᠠ ᠡᠮᠦᠨᠡᠬᠢ ᠰᠤᠷᠭᠠᠨ ᠬᠥᠮᠦᠵᠢᠯ ᠤᠨ ᠱᠠᠲᠤᠨ ᠳᠤ ︽ᠠᠯᠪᠠᠨ ᠠᠴᠠ ᠡᠷᠭᠢᠯᠡᠬᠦ᠂ ᠠᠷᠠᠳ ᠠᠴᠠ ᠡᠷᠭᠢᠯᠡᠬᠦ ᠶᠢ ᠵᠡᠷᠭᠡ ᠪᠠᠷ ᠴᠢᠬᠤᠯᠠᠴᠢᠯᠠᠬᠤ︾᠎  ᠠᠷᠭ᠎ᠠ ᠶᠢ ᠠᠯᠠᠱᠠ ᠵᠡᠭᠦᠨ ᠬᠤᠰᠢᠭᠤᠨ ᠤ ᠠᠯᠪᠠᠨ ᠠᠴᠠ ᠡᠷᠭᠢᠯᠡᠭᠰᠡᠨ ᠬᠡᠦᠬᠡᠳ ᠤᠨ ᠴᠡᠴᠡᠷᠯᠢᠭ ᠪᠠ ᠠᠷᠠᠳ ᠠᠴᠠ ᠡᠷᠭᠢᠯᠡᠭᠰᠡᠨ ᠬᠡᠦᠬᠡᠳ ᠤᠨ ᠴᠡᠴᠡᠷᠯᠢᠭ ᠨᠡᠶᠢᠲᠡ 19 ᠪᠠᠶᠢᠵᠤ᠂ ᠰᠤᠷᠭᠠᠭᠤᠯᠢ ᠳᠤ ᠣᠷᠣᠬᠤ ᠨᠠᠰᠤᠨ ᠤ ᠬᠡᠦᠬᠡᠳ ᠤᠨ ᠴᠡᠴᠡᠷᠯᠢᠭ ᠲᠤ ᠣᠷᠣᠬᠤ ᠱᠠᠭᠠᠷᠳᠠᠯᠭ᠎ᠠ ᠶᠢ ᠬᠠᠩᠭᠠᠵᠤ ᠳᠡᠶᠢᠯᠬᠦ ᠪᠣᠯᠪᠠᠴᠤ ᠪᠠᠶᠠᠨᠬᠤᠲᠠ ᠣᠷᠣᠨ ᠳᠤ ᠠᠯᠪᠠᠨ ᠠᠴᠠ ᠡᠷᠭᠢᠯᠡᠭᠰᠡᠨ ᠬᠡᠦᠬᠡᠳ ᠤᠨ ᠴᠡᠴᠡᠷᠯᠢᠭ ᠲᠤ ᠣᠷᠣᠬᠤ ᠬᠦᠰᠡᠯ ᠢ ᠬᠠᠩᠭᠠᠵᠤ ᠳᠡᠶᠢᠯᠬᠦ ᠦᠭᠡᠢ ᠪᠣᠯᠬᠤᠷ ᠠᠯᠪᠠᠨ ᠠᠴᠠ ᠡᠷᠭᠢᠯᠡᠭᠰᠡᠨ ᠬᠡᠦᠬᠡᠳ ᠤᠨ ᠴᠡᠴᠡᠷᠯᠢᠭ ᠨᠢ ︽ᠣᠶᠢᠷ᠎ᠠ ᠬᠠᠪᠢ ᠳᠠᠭᠠᠨ ᠬᠡᠰᠡᠭ ᠬᠤᠪᠢᠶᠠᠨ ᠴᠡᠴᠡᠷᠯᠢᠭ ᠲᠤ ᠣᠷᠣᠬᠤ︾᠎  ᠠᠷᠭ᠎ᠠ ᠶᠢ ᠬᠡᠷᠡᠭᠯᠡᠭᠰᠡᠨ ᠪᠠᠶᠢᠨ᠎ᠠ᠃ ᠠᠷᠠᠳ ᠠᠴᠠ ᠡᠷᠭᠢᠯᠡᠭᠰᠡᠨ ᠬᠡᠦᠬᠡᠳ ᠤᠨ ᠴᠡᠴᠡᠷᠯᠢᠭ ᠲᠤ ᠲᠦᠭᠡᠮᠡᠯ ᠬᠠᠷᠠᠭᠠᠯᠵᠠᠯ ᠤᠨ ᠴᠢᠨᠠᠷᠲᠠᠢ᠂ ᠲᠦᠭᠡᠮᠡᠯ ᠬᠠᠷᠠᠭᠠᠯᠵᠠᠯ ᠤᠨ ᠪᠤᠰᠤ ᠴᠢᠨᠠᠷᠲᠠᠢ ᠬᠤᠶᠠᠷ ᠲᠥᠷᠥᠯ ᠪᠠᠶᠢᠳᠠᠭ᠂ ᠭᠡᠷ ᠤᠨ ᠠᠬᠠᠮᠠᠳ ᠤᠨ ᠡᠵᠡᠨ ᠮᠡᠳᠡᠵᠦ ᠰᠣᠩᠭᠤᠬᠤ ᠳᠤ ᠲᠥᠬᠦᠮ ᠪᠣᠯᠭᠠᠬᠤ ᠵᠣᠷᠢᠯᠭ᠎ᠠ ᠪᠠᠷ᠂ ᠠᠷᠠᠳ ᠠᠴᠠ ᠡᠷᠭᠢᠯᠡᠭᠰᠡᠨ ᠬᠡᠦᠬᠡᠳ ᠤᠨ ᠴᠡᠴᠡᠷᠯᠢᠭ ᠲᠤ ᠰᠤᠷᠭᠠᠭᠤᠯᠢ ᠶᠢᠨ ᠲᠣᠭᠤᠷᠢᠭ ᠎ ᠢ ᠵᠠᠭᠠᠭᠯᠠᠨ ᠲᠣᠭᠲᠠᠭᠠᠬᠤ ᠦᠭᠡᠢ᠃                  3. ᠶᠠᠭᠤᠨ ᠳᠤ ᠠᠯᠪᠠᠨ ᠠᠴᠠ ᠡᠷᠭᠢᠯᠡᠭᠰᠡᠨ ᠬᠡᠦᠬᠡᠳ ᠤᠨ ᠴᠡᠴᠡᠷᠯᠢᠭ ᠲᠤ ᠡᠨᠡ ᠵᠢᠯ ᠡᠷᠦᠬᠡ ᠠᠮᠠ ᠶᠢᠨ ᠲᠠᠩᠰᠠ ᠶᠢ ᠬᠢᠵᠠᠭᠠᠷᠯᠠᠬᠤ ᠦᠭᠡᠢ ᠪᠣᠢ︖᠎             ᠬᠠᠷᠢᠭᠤᠯᠲᠠ᠄  ᠬᠤᠯᠪᠣᠭᠳᠠᠯ ᠪᠦᠬᠦᠢ ᠰᠠᠯᠠᠭ᠎ᠠ ᠮᠥᠴᠢᠷ ᠤᠨ ᠬᠠᠩᠭᠠᠭᠰᠠᠨ ᠲᠤᠭ᠎ᠠ ᠪᠠᠷᠢᠮᠲᠠ ᠵᠢᠴᠢ ᠡᠮᠦᠨᠡᠬᠢ ᠬᠤᠭᠤᠴᠠᠭᠠᠨ ᠤ ᠪᠠᠶᠢᠳᠠᠯ ᠢ ᠣᠶᠢᠯᠠᠭᠠᠭᠰᠠᠨ ᠪᠠᠶᠢᠴᠠᠭᠠᠯᠲᠠ ᠠᠴᠠ ᠦᠵᠡᠪᠡᠯ᠂ 2024 ᠣᠨ ᠳᠤ ᠬᠡᠦᠬᠡᠳ ᠤᠨ ᠴᠡᠴᠡᠷᠯᠢᠭ ᠲᠤ ᠣᠷᠣᠬᠤ ᠨᠠᠰᠤᠨ ᠤ ᠬᠡᠦᠬᠡᠳ ᠤᠨ ᠲᠤᠭ᠎ᠠ ᠪᠠᠭᠠᠰᠴᠤ᠂ ᠬᠡᠦᠬᠡᠳ ᠢ ᠣᠶᠢᠷ᠎ᠠ ᠬᠠᠪᠢ ᠳᠤᠨᠢ ᠴᠡᠴᠡᠷᠯᠢᠭ ᠲᠤ ᠣᠷᠣᠭᠤᠯᠬᠤ ᠵᠣᠷᠢᠯᠭ᠎ᠠ ᠪᠠᠷ ᠡᠨᠡ ᠵᠢᠯ ᠠᠴᠠ ᠡᠬᠢᠯᠡᠨ᠂ ᠮᠠᠨ ᠤ ᠠᠯᠠᠱᠠ ᠵᠡᠭᠦᠨ ᠬᠤᠰᠢᠭᠤᠨ ᠤ ᠬᠡᠦᠬᠡᠳ ᠤᠨ ᠴᠡᠴᠡᠷᠯᠢᠭ ᠲᠤ ᠡᠷᠦᠬᠡ ᠠᠮᠠ ᠶᠢᠨ ᠲᠠᠩᠰᠠ ᠢᠯᠭᠠᠬᠤ ᠦᠭᠡᠢ᠂ ᠬᠢᠨᠠᠨ ᠬᠠᠮᠠᠭᠠᠯᠠᠭᠴᠢ ᠨᠢ ᠰᠤᠷᠭᠠᠭᠤᠯᠢ ᠶᠢᠨ ᠲᠣᠭᠤᠷᠢᠭ ᠤᠨ ᠬᠡᠪᠴᠢᠶᠡᠨ ᠳᠤ ᠥᠪᠡᠷ ᠤᠨ ᠰᠠᠭᠤᠬᠤ ᠭᠡᠷ ᠲᠠᠢ ᠯᠡ ᠶᠤᠮ ᠪᠣᠯ ᠠᠯᠪᠠᠨ ᠠᠴᠠ ᠡᠷᠭᠢᠯᠡᠭᠰᠡᠨ ᠬᠡᠦᠬᠡᠳ ᠤᠨ ᠴᠡᠴᠡᠷᠯᠢᠭ ᠲᠤ ᠣᠴᠢᠵᠤ ᠴᠡᠴᠡᠷᠯᠢᠭ ᠲᠤ ᠣᠷᠣᠵᠤ ᠪᠣᠯᠣᠨ᠎ᠠ᠃ ᠪᠢᠳᠠ ᠠᠯᠪᠠᠨ ᠤ ᠪᠠ ᠠᠷᠠᠳ ᠤᠨ ᠬᠢ ᠶᠢ ᠬᠠᠮᠲᠤ ᠳᠤᠨᠢ ᠡᠯᠰᠡᠬᠦ᠂ ᠬᠤᠳᠠ ᠶᠢᠨ ᠬᠢ ᠶᠢ ᠬᠠᠮᠲᠤ ᠳᠤᠨᠢ ᠬᠠᠷᠠᠭᠠᠯᠵᠠᠬᠤ ᠲᠦᠷᠦ ᠶᠢᠨ ᠪᠣᠳᠣᠯᠭ᠎ᠠ ᠶᠢ ᠬᠡᠷᠡᠭᠵᠢᠭᠦᠯᠦᠨ᠎ᠡ᠃                  4. ᠠᠯᠠᠱᠠ ᠵᠡᠭᠦᠨ ᠬᠤᠰᠢᠭᠤᠨ ᠤ ᠶᠠᠮᠠᠷ ᠶᠠᠮᠠᠷ ᠠᠷᠠᠳ ᠠᠴᠠ ᠡᠷᠭᠢᠯᠡᠭᠰᠡᠨ ᠬᠡᠦᠬᠡᠳ ᠤᠨ ᠴᠡᠴᠡᠷᠯᠢᠭ ᠨᠢ ᠲᠦᠭᠡᠮᠡᠯ ᠬᠠᠷᠠᠭᠠᠯᠵᠠᠯ ᠤᠨ ᠴᠢᠨᠠᠷᠲᠠᠢ ᠠᠷᠠᠳ ᠠᠴᠠ ᠡᠷᠭᠢᠯᠡᠭᠰᠡᠨ ᠬᠡᠦᠬᠡᠳ ᠤᠨ ᠴᠡᠴᠡᠷᠯᠢᠭ ᠪᠣᠯᠬᠤ ᠪᠣᠶ︖᠎             ᠬᠠᠷᠢᠭᠤᠯᠲᠠ᠄  ᠲᠦᠭᠡᠮᠡᠯ ᠬᠠᠷᠠᠭᠠᠯᠵᠠᠯ ᠤᠨ ᠴᠢᠨᠠᠷᠲᠠᠢ ᠬᠡᠦᠬᠡᠳ ᠤᠨ ᠴᠡᠴᠡᠷᠯᠢᠭ ᠨᠢ ᠨᠡᠶᠢᠲᠡ ᠶᠢᠨ ᠠᠰᠠᠷᠠᠮᠵᠢ ᠶᠢᠨ ᠰᠢᠨᠵᠢ ᠴᠢᠨᠠᠷ ᠢ ᠨᠠᠩ ᠳᠣᠪᠤᠶᠢᠯᠭᠠᠨ᠎ᠠ᠃ ᠣᠳᠣᠬᠠᠨ ᠳᠤ ᠠᠯᠠᠱᠠ ᠵᠡᠭᠦᠨ ᠬᠤᠰᠢᠭᠤᠨ ᠤ ᠮᠠᠯᠵᠢᠬᠤ ᠲᠠᠷᠢᠶᠠᠯᠠᠬᠤ ᠣᠷᠣᠨ ᠤ ᠬᠡᠦᠬᠡᠳ ᠤᠨ ᠴᠡᠴᠡᠷᠯᠢᠭ ᠨᠢ ᠴᠥᠮ ᠲᠦᠭᠡᠮᠡᠯ ᠬᠠᠷᠠᠭᠠᠯᠵᠠᠯ ᠤᠨ ᠴᠢᠨᠠᠷᠲᠠᠢ ᠬᠡᠦᠬᠡᠳ ᠤᠨ ᠴᠡᠴᠡᠷᠯᠢᠭ ᠪᠣᠯᠣᠨ᠎ᠠ᠃ ᠪᠠᠶᠠᠨᠬᠤᠲᠠ ᠭᠠᠵᠠᠷ ᠣᠷᠣᠨ ᠤ ᠠᠷᠠᠳ ᠠᠴᠠ ᠡᠷᠭᠢᠯᠡᠭᠰᠡᠨ ᠬᠡᠦᠬᠡᠳ ᠤᠨ ᠴᠡᠴᠡᠷᠯᠢᠭ ᠨᠡᠶᠢᠲᠡ 7 ᠪᠣᠶ᠂ ᠡᠭᠦᠨ ᠳᠤ ᠲᠦᠭᠡᠮᠡᠯ ᠬᠠᠷᠠᠭᠠᠯᠵᠠᠯ ᠤᠨ ᠴᠢᠨᠠᠷᠲᠠᠢ ᠬᠡᠦᠬᠡᠳ ᠤᠨ ᠴᠡᠴᠡᠷᠯᠢᠭ 5 ᠪᠣᠶ᠂ ᠲᠣᠰ ᠲᠣᠰ᠄  ᠡᠷᠡᠨ ᠵᠠᠭᠤᠨ ᠤ ᠨᠡᠷᠡᠨ ᠬᠡᠷᠡᠯᠳᠦ ᠬᠡᠦᠬᠡᠳ ᠤᠨ ᠴᠡᠴᠡᠷᠯᠢᠭ᠂ ᠪᠥᠸᠧ ᠷᠦᠢ ᠬᠡᠦᠬᠡᠳ ᠤᠨ ᠴᠡᠴᠡᠷᠯᠢᠭ᠂ ᠷᠦᠩ ᠠᠨ ᠷᠦᠢ ᠲᠦᠩ ᠬᠡᠦᠬᠡᠳ ᠤᠨ ᠴᠡᠴᠡᠷᠯᠢᠭ᠂ ᠪᠧᠢ ᠪᠧᠢ ᠬᠡᠦᠬᠡᠳ ᠤᠨ ᠴᠡᠴᠡᠷᠯᠢᠭ᠂ ᠯᠦ ᠮᠢᠩ ᠰᠢᠨ ᠶᠤᠸᠠᠨ ᠬᠡᠦᠬᠡᠳ ᠤᠨ ᠴᠡᠴᠡᠷᠯᠢᠭ ᠵᠡᠷᠭᠡ 5 ᠬᠡᠦᠬᠡᠳ ᠤᠨ ᠴᠡᠴᠡᠷᠯᠢᠭ ᠤᠨ ᠠᠰᠠᠷᠠᠨ ᠬᠥᠮᠥᠵᠢᠭᠦᠯᠬᠦ ᠰᠦᠢᠳᠬᠡᠯ ᠤᠨ ᠪᠠᠷᠢᠮᠵᠢᠶ᠎ᠠ ᠶᠢ ᠴᠥᠮ ᠠᠯᠪᠠᠨ ᠠᠴᠠ ᠡᠷᠭᠢᠯᠡᠭᠰᠡᠨ ᠬᠡᠦᠬᠡᠳ ᠤᠨ ᠴᠡᠴᠡᠷᠯᠢᠭ ᠤᠨ ᠳᠣᠲᠣᠷᠠᠬᠢ ᠥᠪᠡᠷᠲᠡᠭᠡᠨ ᠵᠠᠰᠠᠬᠤ ᠣᠷᠣᠨ ᠤ ᠵᠢᠱᠢᠶ᠎ᠡ ᠦᠵᠡᠭᠦᠯᠬᠦ ᠬᠡᠦᠬᠡᠳ ᠤᠨ ᠴᠡᠴᠡᠷᠯᠢᠭ ᠤᠨ ᠪᠠᠷᠢᠮᠵᠢᠶ᠎ᠠ ᠠᠴᠠ ᠬᠡᠲᠦᠷᠡᠭᠦᠯᠵᠦ ᠪᠣᠯᠬᠤ ᠦᠭᠡᠢ᠂ ᠥᠭᠡᠷ᠎ᠡ ᠪᠠᠷ ᠬᠡᠯᠡᠪᠡᠯ ᠰᠠᠷ᠎ᠠ ᠪᠦᠷᠢ 550 ᠲᠥᠭᠦᠷᠢᠭ ᠠᠴᠠ ᠬᠡᠲᠦᠷᠡᠭᠦᠯᠵᠦ ᠪᠣᠯᠬᠤ ᠦᠭᠡᠢ᠃                  5. ᠶᠠᠭᠤᠨ ᠳᠤ ᠰᠤᠷᠭᠠᠭᠤᠯᠢ ᠳᠤ ᠣᠷᠣᠬᠤ ᠶᠢ ᠬᠤᠶᠢᠰᠢᠯᠠᠭᠤᠯᠬᠤ ᠳᠤ ᠪᠠᠰᠠ ᠡᠮᠨᠡᠯᠭᠡ ᠶᠢᠨ ᠬᠤᠷᠢᠶᠠᠨ ᠤ ᠭᠡᠷᠡᠴᠢ ᠶᠢ ᠬᠠᠩᠭᠠᠬᠤ ᠴᠢᠬᠤᠯᠠᠲᠠᠢ ᠶᠤᠮ ᠪᠣᠢ︖᠎             ᠬᠠᠷᠢᠭᠤᠯᠲᠠ᠄  ᠡᠨᠡ ᠪᠣᠯ ︽ᠪᠥᠬᠦᠳᠡ ᠨᠠᠶᠢᠷᠠᠮᠳᠠᠬᠤ ᠳᠤᠮᠳᠠᠳᠤ ᠠᠷᠠᠳ ᠤᠯᠤᠰ ᠤᠨ ᠠᠯᠪᠠᠨ ᠵᠢᠷᠤᠮ ᠤᠨ ᠰᠤᠷᠭᠠᠨ ᠬᠥᠮᠦᠵᠢᠯ ᠤᠨ ᠬᠠᠤᠯᠢ︾᠎ ᠎ ᠶᠢᠨ ᠬᠤᠯᠪᠣᠭᠳᠠᠯ ᠪᠦᠬᠦᠢ ᠲᠣᠭᠲᠠᠭᠠᠯ ᠢ ᠦᠨᠳᠦᠰᠦᠯᠡᠨ᠎ᠡ᠃ ︽ᠠᠯᠪᠠᠨ ᠵᠢᠷᠤᠮ ᠤᠨ ᠰᠤᠷᠭᠠᠨ ᠬᠥᠮᠦᠵᠢᠯ ᠤᠨ ᠬᠠᠤᠯᠢ︾᠎ ᠎ ᠶᠢᠨ ᠠᠷᠪᠠᠨ ᠨᠢᠭᠡᠳᠦᠭᠡᠷ ᠵᠦᠢᠯ ᠳᠤ᠄  ︽ᠪᠦᠬᠦᠯᠢ 6 ᠨᠠᠰᠤ ᠭᠦᠷᠦᠭᠰᠡᠨ ᠬᠡᠦᠬᠡᠳ ᠢ ᠡᠴᠢᠭᠡ ᠡᠬᠡ ᠪᠤᠶᠤ ᠬᠠᠤᠯᠢ ᠪᠠᠷ ᠲᠣᠭᠲᠠᠭᠠᠭᠰᠠᠨ ᠬᠢᠨᠠᠨ ᠬᠠᠮᠠᠭᠠᠯᠠᠭᠴᠢ ᠨᠢ ᠰᠤᠷᠭᠠᠭᠤᠯᠢ ᠳᠤ ᠣᠷᠣᠭᠤᠯᠵᠤ ᠠᠯᠪᠠᠨ ᠵᠢᠷᠤᠮ ᠤᠨ ᠰᠤᠷᠭᠠᠨ ᠬᠥᠮᠦᠵᠢᠯ ᠬᠦᠷᠲᠡᠭᠡᠬᠦ ᠬᠡᠷᠡᠭᠲᠡᠢ︔᠎  ᠪᠡᠶ᠎ᠡ ᠮᠠᠬᠠᠪᠤᠳ ᠤᠨ ᠪᠠᠶᠢᠳᠠᠯ ᠠᠴᠠ ᠪᠣᠯᠵᠤ ᠰᠤᠷᠭᠠᠭᠤᠯᠢ ᠳᠤ ᠣᠷᠣᠬᠤ ᠶᠢ ᠬᠤᠶᠢᠰᠢᠯᠠᠭᠤᠯᠬᠤ ᠪᠤᠶᠤ ᠰᠤᠷᠤᠯᠭ᠎ᠠ ᠠᠴᠠ ᠪᠠᠨ ᠲᠦᠷ ᠵᠣᠭᠰᠣᠬᠤ ᠳᠤ ᠭᠦᠷᠪᠡᠯ ᠰᠤᠷᠭᠠᠨ ᠬᠥᠮᠦᠵᠢᠯ ᠤᠨ ᠵᠠᠰᠠᠭ ᠵᠠᠬᠢᠷᠭᠠᠨ ᠤ ᠰᠠᠯᠠᠭ᠎ᠠ ᠮᠥᠴᠢᠷ ᠢᠶᠠᠷ ᠵᠥᠪᠰᠢᠶᠡᠷᠡᠭᠦᠯᠬᠦ ᠬᠡᠷᠡᠭᠲᠡᠢ︾᠎  ᠭᠡᠵᠦ ᠲᠣᠳᠣᠷᠬᠠᠢ ᠲᠣᠭᠲᠠᠭᠠᠵᠠᠢ᠃ ᠡᠶᠢᠮᠦ ᠠᠴᠠ ᠪᠢᠳᠡ ᠰᠤᠷᠭᠠᠭᠤᠯᠢ ᠳᠤ ᠣᠷᠣᠬᠤ ᠶᠢ ᠬᠤᠶᠢᠰᠢᠯᠠᠭᠤᠯᠬᠤ ᠭᠤᠶᠤᠴᠢᠯᠠᠯ ᠢᠶᠠᠨ ᠲᠤᠰᠢᠶᠠᠬᠤ ᠶᠢᠨ ᠬᠠᠮᠲᠤ ᠪᠡᠶ᠎ᠡ ᠶᠢᠨ ᠪᠠᠶᠢᠳᠠᠯ ᠎ ᠨᠢ ᠰᠤᠷᠭᠠᠭᠤᠯᠢ ᠳᠤ ᠣᠷᠣᠬᠤ ᠳᠤ ᠲᠣᠬᠢᠷᠠᠮᠵᠢ ᠦᠭᠡᠢ ᠡᠮᠨᠡᠯᠭᠡ ᠶᠢᠨ ᠬᠤᠷᠢᠶᠠᠨ ᠤ ᠣᠨᠣᠰᠢᠯᠠᠯᠲᠠ ᠶᠢᠨ ᠭᠡᠷᠡᠴᠢ ᠪᠠᠨ ᠲᠤᠰᠢᠶᠠᠬᠤ ᠬᠡᠷᠡᠭᠲᠡᠢ᠃            ᠪᠢᠳᠡᠨ ᠤ ᠣᠶᠢᠯᠠᠭᠠᠭᠰᠠᠨ ᠢᠶᠠᠷ᠂ ᠵᠠᠷᠢᠮ ᠭᠡᠷ ᠤᠨ ᠠᠬᠠᠮᠠᠳ ᠥᠪᠡᠷ ᠤᠨ ᠬᠡᠦᠬᠡᠳ ᠢᠶᠠᠨ ᠬᠡᠦᠬᠡᠳ ᠤᠨ ᠴᠡᠴᠡᠷᠯᠢᠭ ᠲᠤ ᠳᠡᠮᠡᠢ ᠶᠡᠭᠡ ᠰᠣᠶᠣᠯ ᠤᠨ ᠮᠡᠳᠡᠯᠭᠡ ᠡᠵᠡᠮᠰᠢᠭᠰᠡᠨ ᠦᠭᠡᠢ᠂ ᠪᠠᠭ᠎ᠠ ᠰᠤᠷᠭᠠᠭᠤᠯᠢ ᠳᠤ ᠣᠷᠣᠪᠠᠯ ᠪᠤᠰᠤᠳ ᠬᠡᠦᠬᠡᠳ ᠢ ᠳᠠᠭᠠᠵᠤ ᠠᠮᠵᠢᠬᠤ ᠦᠭᠡᠢ ᠠᠴᠠ ᠪᠣᠯᠵᠤ ᠰᠠᠶ᠋ᠢ ᠰᠤᠷᠭᠠᠭᠤᠯᠢ ᠳᠤ ᠣᠷᠣᠬᠤ ᠶᠢ ᠬᠤᠶᠢᠰᠢᠯᠠᠭᠤᠯᠬᠤ ᠪᠣᠳᠣᠯ ᠲᠠᠢ ᠪᠣᠯᠣᠨ᠎ᠠ ᠭᠡᠵᠦ ᠰᠠᠨᠠᠭ᠎ᠠ ᠵᠣᠪᠠᠵᠤ ᠪᠠᠶᠢᠨ᠎ᠠ᠃ ᠦᠨᠡᠨ ᠳᠡᠭᠡᠨ᠂ ᠬᠡᠦᠬᠡᠳ ᠤᠨ ᠴᠡᠴᠡᠷᠯᠢᠭ ᠤᠨ ᠱᠠᠲᠤᠨ ᠳᠤ ᠪᠢᠳᠡ ᠪᠠᠭ᠎ᠠ ᠰᠤᠷᠭᠠᠭᠤᠯᠢ ᠳᠤ ᠣᠴᠢᠬᠤ ᠶᠢ ᠴᠢᠬᠤᠯᠠᠴᠢᠯᠠᠵᠤ᠂ ᠪᠠᠭ᠎ᠠ ᠰᠤᠷᠭᠠᠭᠤᠯᠢ ᠶᠢᠨ ᠨᠢᠭᠡᠳᠦᠭᠡᠷ ᠤᠨ ᠳᠤ ᠡᠷᠬᠡᠪᠰᠢ ᠡᠬᠢᠯᠡᠯᠲᠡ ᠶᠢᠨ ᠴᠡᠭ ᠢᠶᠠᠷ ᠵᠢᠭᠠᠨ ᠰᠤᠷᠭᠠᠬᠤ ᠬᠡᠷᠡᠭᠲᠡᠢ ᠪᠥᠭᠡᠳ ᠰᠤᠷᠭᠠᠭᠤᠯᠢ ᠳᠤ ᠣᠷᠣᠬᠤ ᠳᠤ ᠵᠣᠬᠢᠴᠠᠬᠤ ᠰᠤᠷᠭᠠᠨ ᠬᠥᠮᠦᠵᠢᠯ ᠢ ᠰᠠᠶᠢᠲᠤᠷ ᠭᠦᠢᠴᠡᠳᠬᠡᠬᠦ ᠶᠢ ᠱᠠᠭᠠᠷᠳᠠᠳᠠᠭ᠃ ᠡᠳᠡᠭᠡᠷ ᠭᠡᠷ ᠤᠨ ᠠᠬᠠᠮᠠᠳ ᠰᠠᠨᠠᠭ᠎ᠠ ᠵᠣᠪᠠᠭᠰᠠᠨ ᠤ ᠬᠡᠷᠡᠭ ᠠᠯᠠᠭ᠎ᠠ᠃                  ᠳᠤᠮᠳᠠᠳᠤ ᠪᠠᠭ᠎ᠠ ᠰᠤᠷᠭᠠᠭᠤᠯᠢ ᠶᠢᠨ ᠰᠤᠷᠭᠠᠭᠤᠯᠢ ᠳᠤ ᠣᠷᠣᠬᠤ ᠠᠰᠠᠭᠤᠳᠠᠯ            1      ᠶᠠᠭᠤᠨ ᠳᠤ ᠪᠠᠭ᠎ᠠ ᠰᠤᠷᠭᠠᠭᠤᠯᠢ ᠳᠤ ᠣᠷᠣᠬᠤ ᠳᠤ ᠡᠷᠬᠡᠪᠰᠢ ᠪᠦᠬᠦᠯᠢ 6 ᠨᠠᠰᠤ ᠬᠦᠷᠦᠭᠰᠡᠨ ᠪᠠᠶᠢᠬᠤ ᠬᠡᠷᠡᠭᠲᠡᠢ ᠪᠣᠶ︖᠎       ᠬᠠᠷᠢᠭᠤᠯᠲᠠ᠄  ᠡᠩ ᠲᠡᠷᠢᠭᠦᠨ ᠳᠤ᠂ ᠪᠦᠬᠦᠯᠢ 6 ᠨᠠᠰᠤ ᠬᠦᠷᠴᠦ ᠰᠤᠷᠭᠠᠭᠤᠯᠢ ᠳᠤ ᠣᠷᠣᠬᠤ ᠶᠢ ︽ᠠᠯᠪᠠᠨ ᠵᠢᠷᠤᠮ ᠤᠨ ᠰᠤᠷᠭᠠᠨ ᠬᠥᠮᠦᠵᠢᠯ ᠤᠨ ᠬᠠᠤᠯᠢ︾᠎ ᠎ ᠳᠤ ᠲᠣᠭᠲᠠᠭᠠᠭᠰᠠᠨ ᠶᠤᠮ᠂ ᠡᠭᠦᠨ ᠤ ᠬᠠᠮᠲᠤ᠂ ᠪᠥᠬᠦ ᠤᠯᠤᠰ ᠤᠨ ᠳᠤᠮᠳᠠᠳᠤ ᠪᠠᠭ᠎ᠠ ᠰᠤᠷᠭᠠᠭᠤᠯᠢ ᠶᠢᠨ ᠰᠤᠷᠤᠭᠴᠢᠳ ᠴᠥᠮ ᠰᠤᠷᠭᠠᠭᠤᠯᠢ ᠶᠢᠨ ᠬᠠᠷᠢᠶ᠎ᠠ ᠶᠢᠨ ᠡᠯᠧᠺᠲᠷᠣᠨ ᠰᠢᠰᠲ᠋ᠧᠮ ᠤᠨ ᠬᠠᠮᠢᠶᠠᠷᠤᠯᠲᠠ ᠶᠢ ᠬᠡᠷᠡᠭᠯᠡᠵᠦ᠂ ᠬᠡᠷᠪᠡ ᠪᠦᠬᠦᠯᠢ 6 ᠨᠠᠰᠤ ᠬᠦᠷᠦᠭᠡᠳᠦᠢ ᠪᠣᠯ ᠰᠤᠷᠭᠠᠭᠤᠯᠢ ᠶᠢᠨ ᠬᠠᠷᠢᠶ᠎ᠠ ᠶᠢ ᠪᠠᠶᠢᠭᠤᠯᠵᠤ ᠳᠡᠶᠢᠯᠬᠦ ᠦᠭᠡᠢ ᠪᠣᠯᠣᠨ᠎ᠠ᠃            2      ᠪᠠᠭ᠎ᠠ ᠰᠤᠷᠭᠠᠭᠤᠯᠢ᠂ ᠠᠩᠬ᠎ᠠ ᠵᠡᠷᠭᠡ ᠶᠢᠨ ᠳᠤᠮᠳᠠᠳᠤ ᠰᠤᠷᠭᠠᠭᠤᠯᠢ ᠶᠢᠨ ᠰᠤᠷᠭᠠᠭᠤᠯᠢ ᠶᠢᠨ ᠲᠣᠭᠤᠷᠢᠭ ᠢ ᠬᠡᠷᠬᠢᠨ ᠬᠤᠪᠢᠶᠠᠭᠰᠠᠨ ᠪᠤᠢ︖᠎       ᠬᠠᠷᠢᠭᠤᠯᠲᠠ᠄  ᠠᠯᠪᠠᠨ ᠵᠢᠷᠤᠮ ᠤᠨ ᠰᠤᠷᠭᠠᠨ ᠬᠥᠮᠦᠵᠢᠯ ᠤᠨ ᠱᠠᠲᠤᠨ ᠤ ᠳᠤᠮᠳᠠᠳᠤ ᠪᠠᠭ᠎ᠠ ᠰᠤᠷᠭᠠᠭᠤᠯᠢ ᠶᠢᠨ ᠰᠤᠷᠭᠠᠭᠤᠯᠢ ᠳᠤ ᠣᠷᠣᠬᠤ ᠳᠤ ᠪᠢᠳᠡ ︽ᠰᠢᠯᠭᠠᠬᠤ ᠦᠭᠡᠢ᠂ ᠣᠶᠢᠷ᠎ᠠ ᠬᠠᠪᠢ ᠳᠤᠨᠢ᠂ ᠨᠢᠭᠡᠳᠦᠯᠲᠡᠢ ᠲᠥᠯᠥᠪᠯᠡᠬᠦ᠂ ᠬᠡᠰᠡᠭ ᠬᠤᠪᠢᠶᠠᠬᠤ︾᠎  ᠵᠠᠷᠴᠢᠮ ᠢ ᠬᠡᠷᠡᠭᠵᠢᠭᠦᠯᠦᠨ᠎ᠡ᠃ ︽ᠬᠡᠰᠡᠭ ᠬᠤᠪᠢᠶᠠᠬᠤ︾᠎  ᠭᠡᠳᠡᠭ ᠨᠢ ᠰᠤᠷᠭᠠᠭᠤᠯᠢ ᠶᠢᠨ ᠲᠣᠭᠤᠷᠢᠭ ᠤᠨ ᠬᠤᠪᠢᠶᠠᠷᠢᠯᠠᠯ ᠢ ᠬᠡᠯᠡᠵᠦ ᠪᠣᠶ᠃ ᠳᠤᠮᠳᠠᠳᠤ ᠪᠠᠭ᠎ᠠ ᠰᠤᠷᠭᠠᠭᠤᠯᠢ ᠨᠤᠭᠤᠳ ᠤᠨ ᠰᠤᠷᠭᠠᠭᠤᠯᠢ ᠶᠢᠨ ᠲᠣᠭᠤᠷᠢᠭ ᠤᠨ ᠬᠤᠪᠢᠶᠠᠷᠢᠯᠠᠯ ᠪᠣᠯ ᠪᠢᠳᠡᠨ ᠤ ᠡᠮᠦᠨᠡᠬᠢ ᠬᠤᠭᠤᠴᠠᠭᠠᠨ ᠳᠤ ᠰᠤᠷᠬᠤ ᠨᠠᠰᠤᠨ ᠤ ᠰᠤᠷᠤᠭᠴᠢᠳ ᠤᠨ ᠲᠠᠷᠬᠠᠯᠲᠠ ᠶᠢᠨ ᠪᠠᠶᠢᠳᠠᠯ ᠢ ᠨᠠᠷᠢᠨ ᠲᠣᠳᠣᠷᠬᠠᠢ ᠣᠶᠢᠯᠠᠭᠠᠵᠤ᠂ ᠳᠠᠷᠠᠭ᠎ᠠ ᠨᠢ ᠰᠤᠷᠭᠠᠭᠤᠯᠢ ᠨᠢᠭᠡᠪᠦᠷᠢ ᠶᠢᠨ ᠪᠦᠲᠦᠭᠡᠨ ᠪᠠᠶᠢᠭᠤᠯᠤᠯᠲᠠ ᠶᠢᠨ ᠬᠡᠪᠴᠢᠶ᠎ᠡ ᠶᠢ ᠦᠨᠳᠦᠰᠦᠯᠡᠨ᠂ ︽ᠣᠶᠢᠷ᠎ᠠ ᠬᠠᠪᠢ ᠳᠠᠭᠠᠨ ᠰᠤᠷᠭᠠᠭᠤᠯᠢ ᠳᠤ ᠣᠷᠣᠬᠤ︾᠎  ᠵᠠᠷᠴᠢᠮ ᠢᠶᠠᠷ ᠵᠠᠭᠠᠭᠯᠠᠨ ᠲᠣᠭᠲᠠᠭᠠᠭᠰᠠᠨ ᠰᠤᠷᠭᠠᠭᠤᠯᠢ ᠶᠢᠨ ᠲᠣᠭᠤᠷᠢᠭ ᠪᠣᠯᠣᠨ᠎ᠠ᠃ ᠡᠨᠡ ᠵᠢᠯ ᠤᠨ ᠬᠠᠤᠯᠢ ᠪᠠᠷ ᠲᠣᠭᠲᠠᠭᠠᠭᠰᠠᠨ ᠬᠢᠨᠠᠨ ᠬᠠᠮᠠᠭᠠᠯᠠᠭᠴᠢ ᠶᠢᠨ ᠨᠡᠷ᠎ᠡ ᠳᠣᠣᠷ᠎ᠠ ᠣᠷᠣᠨ ᠰᠠᠭᠤᠴᠠ ᠲᠠᠢ ᠮᠥᠷᠲᠡᠭᠡᠨ ᠪᠣᠳᠠᠲᠠᠢ ᠰᠠᠭᠤᠵᠤ ᠪᠠᠶᠢᠭ᠎ᠠ ᠪᠤᠶᠤ ᠦᠷ᠎ᠡ ᠬᠡᠦᠬᠡᠳ ᠨᠢ ᠲᠦᠷᠦᠭᠦ ᠦᠶ᠎ᠡ ᠳᠤ ᠡᠴᠢᠭᠡ ︵᠎  ᠡᠬᠡ︶᠎  ᠪᠣᠯᠣᠨ ᠡᠪᠦᠭᠡ ᠡᠮᠡᠭᠡ ︵᠎  ᠨᠠᠭᠠᠴᠤ ᠡᠪᠦᠭᠡ ᠡᠮᠡᠭᠡ︶᠎ ᠎ ᠨᠢ ᠨᠢᠭᠡ ᠡᠷᠦᠬᠡ ᠠᠳᠠᠯᠢ ᠭᠠᠵᠠᠷ ᠲᠤ ᠬᠠᠮᠲᠤ ᠰᠠᠭᠤᠵᠤ ︵᠎  ᠭᠤᠷᠪᠠᠨ ᠦᠶ᠎ᠡ ᠪᠠᠷ ᠢᠶᠠᠨ ᠨᠢᠭᠡ ᠡᠷᠦᠬᠡ︶᠎ ᠂ ᠡᠨᠡ ᠬᠤᠭᠤᠴᠠᠭᠠᠨ ᠳᠤ ᠦᠷ᠎ᠡ ᠬᠡᠦᠬᠡᠳ ᠪᠣᠯᠣᠨ ᠡᠴᠢᠭᠡ ︵᠎  ᠡᠬᠡ︶᠎ ᠎ ᠶᠢᠨ ᠡᠷᠦᠬᠡ ᠠᠮᠠ ᠶᠢᠨ ᠲᠠᠩᠰᠠ ᠶᠢ ᠶᠠᠮᠠᠷ ᠴᠤ ᠨᠡᠭᠦᠯᠭᠡᠭᠰᠡᠨ ᠦᠭᠡᠢ ᠮᠥᠷᠲᠡᠭᠡᠨ ᠡᠴᠢᠭᠡ ᠡᠬᠡ ᠶᠢᠨ ᠨᠡᠷ᠎ᠡ ᠳᠣᠣᠷ᠎ᠠ ᠥᠭᠡᠷ᠎ᠡ ᠣᠷᠣᠨ ᠰᠠᠭᠤᠴᠠ ᠦᠭᠡᠢ ᠪᠣᠯ ︽ᠣᠶᠢᠷ᠎ᠠ ᠬᠠᠪᠢ ᠳᠠᠭᠠᠨ ᠰᠤᠷᠭᠠᠭᠤᠯᠢ ᠳᠤ ᠣᠷᠣᠬᠤ︾᠎  ᠵᠠᠷᠴᠢᠮ ᠤᠨ ᠶᠣᠰᠣᠭᠠᠷ ᠬᠡᠰᠡᠭ ᠬᠤᠪᠢᠶᠠᠭᠰᠠᠨ ᠵᠣᠬᠢᠴᠠᠩᠭᠤᠢ ᠰᠤᠷᠭᠠᠭᠤᠯᠢ ᠳᠤ ᠣᠴᠢᠵᠤ ᠰᠤᠷᠤᠯᠴᠠᠭᠤᠯᠤᠨ᠎ᠠ︔᠎  ᠡᠨᠡ ᠬᠦ ᠬᠤᠭᠤᠴᠠᠭᠠᠨ ᠳᠤ ᠬᠠᠤᠯᠢ ᠪᠠᠷ ᠲᠣᠭᠲᠠᠭᠠᠭᠰᠠᠨ ᠬᠢᠨᠠᠨ ᠬᠠᠮᠠᠭᠠᠯᠠᠭᠴᠢ ᠶᠢᠨ ᠨᠡᠷ᠎ᠡ ᠳᠣᠣᠷ᠎ᠠ ᠥᠭᠡᠷ᠎ᠡ ᠣᠷᠣᠨ ᠰᠠᠭᠤᠴᠠ ᠦᠭᠡᠢ᠂ ︽ᠭᠡᠷ ᠬᠠᠪᠢ ᠳᠠᠭᠠᠨ ᠰᠤᠷᠭᠠᠭᠤᠯᠢ ᠳᠤ ᠣᠷᠣᠬᠤ︾᠎  ᠵᠠᠷᠴᠢᠮ ᠢᠶᠠᠷ ᠬᠡᠰᠡᠭ ᠬᠤᠪᠢᠶᠠᠭᠰᠠᠨ ᠵᠣᠬᠢᠴᠠᠩᠭᠤᠢ ᠰᠤᠷᠭᠠᠭᠤᠯᠢ ᠳᠤ ᠣᠴᠢᠵᠤ ᠰᠤᠷᠤᠯᠴᠠᠭᠤᠯᠤᠨ᠎ᠠ︔᠎  ᠲᠦᠷᠢᠶᠡᠰᠦᠯᠡᠨ ᠰᠠᠭᠤᠬᠤ᠂ ᠨᠠᠶᠢᠳᠠᠨ ᠰᠠᠭᠤᠬᠤ᠂ ᠵᠢᠭᠡᠯᠡᠨ ᠰᠠᠭᠤᠬᠤ  ᠶᠢ ᠨᠢ ︽ᠨᠢᠭᠡᠳᠦᠯᠲᠡᠢ ᠲᠥᠯᠥᠪᠯᠡᠨ ᠲᠣᠬᠢᠷᠠᠭᠤᠯᠬᠤ︾᠎  ᠵᠠᠷᠴᠢᠮ ᠤᠨ ᠶᠣᠰᠣᠭᠠᠷ ᠵᠣᠬᠢᠴᠠᠩᠭᠤᠢ ᠰᠤᠷᠭᠠᠭᠤᠯᠢ ᠳᠤ ᠲᠣᠬᠢᠷᠠᠭᠤᠯᠤᠨ ᠰᠤᠷᠤᠯᠴᠠᠭᠤᠯᠬᠤ ᠬᠡᠷᠡᠭᠲᠡᠢ᠃            3      ᠪᠠᠭ᠎ᠠ ᠰᠤᠷᠭᠠᠭᠤᠯᠢ᠂ ᠠᠩᠬ᠎ᠠ ᠵᠡᠷᠭᠡ ᠶᠢᠨ ᠳᠤᠮᠳᠠᠳᠤ ᠰᠤᠷᠭᠠᠭᠤᠯᠢ ᠳᠤ ︽ᠨᠢᠭᠡᠳᠦᠯᠲᠡᠢ ᠲᠥᠯᠥᠪᠯᠡᠨ ᠲᠣᠬᠢᠷᠠᠭᠤᠯᠤᠯᠲᠠ ᠬᠢᠬᠦ︾᠎ ᠎ ᠳᠤ ᠪᠣᠳᠠᠲᠠᠢ ᠶᠠᠮᠠᠷ ᠶᠠᠮᠠᠷ ᠰᠤᠷᠭᠠᠭᠤᠯᠢ ᠶᠢ ᠪᠠᠭᠲᠠᠭᠠᠬᠤ ᠪᠣᠶ︖᠎       ᠬᠠᠷᠢᠭᠤᠯᠲᠠ᠄  ᠲᠦᠷᠢᠶᠡᠰᠦᠯᠡᠨ ᠰᠠᠭᠤᠬᠤ᠂ ᠨᠠᠶᠢᠳᠠᠨ ᠰᠠᠭᠤᠬᠤ᠂ ᠵᠢᠭᠡᠯᠡᠨ ᠰᠠᠭᠤᠬᠤ  ᠶᠢ ᠴᠥᠮ ︽ᠨᠢᠭᠡᠳᠦᠯᠲᠡᠢ ᠲᠥᠯᠥᠪᠯᠡᠨ ᠲᠣᠬᠢᠷᠠᠭᠤᠯᠬᠤ︾᠎  ᠵᠠᠷᠴᠢᠮ ᠢᠶᠠᠷ ᠵᠣᠬᠢᠴᠠᠩᠭᠤᠢ ᠰᠤᠷᠭᠠᠭᠤᠯᠢ ᠳᠤ ᠲᠣᠬᠢᠷᠠᠭᠤᠯᠵᠤ ᠰᠤᠷᠤᠯᠴᠠᠭᠤᠯᠤᠨ᠎ᠠ᠃ ᠨᠢᠭᠡ ᠳᠤ ᠠᠯᠠᠱᠠ ᠵᠡᠭᠦᠨ ᠬᠤᠰᠢᠭᠤᠨ ᠤ ᠳᠥᠷᠪᠡᠳᠦᠭᠡᠷ ᠳᠤᠮᠳᠠᠳᠤ ᠰᠤᠷᠭᠠᠭᠤᠯᠢ᠂ ᠠᠯᠠᠱᠠ ᠵᠡᠭᠦᠨ ᠬᠤᠰᠢᠭᠤᠨ ᠤ ᠶᠢᠰᠦᠳᠦᠭᠡᠷ ᠳᠤᠮᠳᠠᠳᠤ ᠰᠤᠷᠭᠠᠭᠤᠯᠢ ᠶᠢᠨ ᠵᠠᠯᠭᠠᠯᠳᠤᠭᠰᠠᠨ ᠳᠣᠯᠣᠳᠤᠭᠠᠷ ᠣᠨ ᠤ ᠰᠢᠨ᠎ᠡ ᠰᠣᠷᠣᠭᠴᠢ ᠶᠢ ︽ᠨᠢᠭᠡᠳᠦᠯᠲᠡᠢ ᠲᠥᠯᠥᠪᠯᠡᠨ ᠲᠣᠬᠢᠷᠠᠭᠤᠯᠬᠤ︾᠎  ᠵᠠᠷᠴᠢᠮ ᠶᠣᠰᠣᠭᠠᠷ ᠠᠯᠠᠱᠠ ᠵᠡᠭᠦᠨ ᠬᠤᠰᠢᠭᠤᠨ ᠤ ᠭᠤᠷᠪᠠᠳᠤᠭᠠᠷ ᠳᠤᠮᠳᠠᠳᠤ ᠰᠤᠷᠭᠠᠭᠤᠯᠢ᠂ ᠠᠯᠠᠱᠠ ᠵᠡᠭᠦᠨ ᠬᠤᠰᠢᠭᠤᠨ ᠤ ᠨᠠᠢᠮᠠᠳᠤᠭᠠᠷ ᠳᠤᠮᠳᠠᠳᠤ ᠰᠤᠷᠭᠠᠭᠤᠯᠢ᠂ ᠠᠯᠠᠱᠠ ᠵᠡᠭᠦᠨ ᠬᠤᠰᠢᠭᠤᠨ ᠤ ᠮᠣᠩᠭᠤᠯ ᠦᠨᠳᠦᠰᠦᠲᠡᠨ ᠤ ᠰᠤᠷᠭᠠᠭᠤᠯᠢ᠂ ᠨᠡᠶᠢᠰᠯᠡᠯ ᠤᠨ ᠪᠠᠭᠰᠢ ᠶᠢᠨ ᠶᠡᠭᠡ ᠰᠤᠷᠭᠠᠭᠤᠯᠢ ᠶᠢᠨ ᠬᠠᠷᠢᠶᠠᠲᠤ ᠲᠤᠷᠰᠢᠯᠲᠠ ᠶᠢᠨ ᠰᠤᠷᠭᠠᠭᠤᠯᠢ ᠶᠢᠨ ᠬᠠᠮᠲᠤ ᠶᠢᠨ ᠴᠣᠭᠴᠠ ᠶᠢᠨ ᠰᠤᠷᠭᠠᠭᠤᠯᠢ ᠶᠢᠨ ᠠᠯᠠᠱᠠ ᠶᠢᠨ ᠮᠣᠩᠭᠤᠯ ᠦᠨᠳᠦᠰᠦᠲᠡᠨ ᠤ ᠪᠦᠷᠢᠨ ᠳᠤᠮᠳᠠᠳᠤ ᠰᠤᠷᠭᠠᠭᠤᠯᠢ ᠳᠤ ᠰᠤᠷᠤᠯᠴᠠᠭᠤᠯᠤᠨ᠎ᠠ︔᠎  ᠬᠡᠷᠪᠡ ᠣᠨᠴᠠᠭᠠᠶ ᠪᠠᠶᠢᠳᠠᠯ ᠲᠠᠢ ᠪᠣᠯ ᠬᠠᠤᠯᠢ ᠪᠠᠷ ᠲᠣᠭᠲᠠᠭᠠᠭᠰᠠᠨ ᠬᠢᠨᠠᠨ ᠬᠠᠮᠠᠭᠠᠯᠠᠭᠴᠢ ᠨᠢ ᠰᠤᠷᠤᠯᠴᠠᠵᠤ ᠪᠠᠶᠢᠭ᠎ᠠ ᠰᠤᠷᠭᠠᠭᠤᠯᠢ ᠳᠤ ᠭᠤᠶᠤᠴᠢᠯᠠᠯ ᠭᠠᠷᠭᠠᠵᠤ ᠲᠣᠬᠢᠷᠠᠭᠤᠯᠤᠯᠲᠠ ᠬᠢᠵᠦ ᠪᠣᠯᠣᠨ᠎ᠠ ︵᠎  ᠵᠥᠪᠬᠡᠨ ᠨᠢᠭᠡᠳᠦᠯᠲᠡᠢ ᠲᠥᠯᠥᠪᠯᠡᠬᠦ ᠬᠡᠪᠴᠢᠶᠡᠨ ᠳᠠᠬᠢ ᠰᠤᠷᠭᠠᠭᠤᠯᠢ ᠶᠢ ᠵᠢᠭᠠᠨ᠎ᠠ︶᠎ ᠃ ᠬᠤᠶᠠᠷ ᠲᠤ ᠠᠯᠠᠱᠠ ᠵᠡᠭᠦᠨ ᠬᠤᠰᠢᠭᠤᠨ ᠤ ᠵᠢᠷᠭᠤᠳᠤᠭᠠᠷ ᠪᠠᠭ᠎ᠠ ᠰᠤᠷᠭᠠᠭᠤᠯᠢ᠂ ᠠᠯᠠᠱᠠ ᠵᠡᠭᠦᠨ ᠬᠤᠰᠢᠭᠤᠨ ᠤ ᠬᠤᠶᠠᠳᠤᠭᠠᠷ ᠲᠤᠷᠰᠢᠯᠲᠠ ᠶᠢᠨ ᠪᠠᠭ᠎ᠠ ᠰᠤᠷᠭᠠᠭᠤᠯᠢ᠂ ᠠᠯᠠᠱᠠ ᠵᠡᠭᠦᠨ ᠬᠤᠰᠢᠭᠤᠨ ᠤ ᠶᠢᠰᠦᠳᠦᠭᠡᠷ ᠪᠠᠭ᠎ᠠ ᠰᠤᠷᠭᠠᠭᠤᠯᠢ᠂ ᠠᠯᠠᠱᠠ ᠵᠡᠭᠦᠨ ᠬᠤᠰᠢᠭᠤᠨ ᠤ ᠨᠠᠢᠮᠠᠳᠤᠭᠠᠷ ᠪᠠᠭ᠎ᠠ ᠰᠤᠷᠭᠠᠭᠤᠯᠢ ᠶᠢᠨ ᠬᠡᠰᠡᠭ ᠲᠣᠭᠤᠷᠢᠭ ᠲᠤ ᠲᠦᠷᠢᠶᠡᠰᠦᠯᠡᠨ ᠰᠠᠭᠤᠭᠰᠠᠨ᠂ ᠲᠦᠰᠢᠭᠯᠡᠨ ᠰᠠᠭᠤᠭᠰᠠᠨ᠂ ᠵᠢᠭᠡᠯᠡᠨ ᠰᠠᠭᠤᠭᠰᠠᠨ ᠨᠢᠭᠡᠳᠦᠭᠡᠷ ᠣᠨ ᠤ ᠰᠢᠨ᠎ᠡ ᠰᠣᠷᠣᠭᠴᠢ᠃ ︽ᠨᠢᠭᠡᠳᠦᠯᠲᠡᠢ ᠲᠥᠯᠥᠪᠯᠡᠨ ᠲᠣᠬᠢᠷᠠᠭᠤᠯᠬᠤ︾᠎  ᠵᠠᠷᠴᠢᠮ ᠶᠣᠰᠣᠭᠠᠷ ᠠᠯᠠᠱᠠ ᠵᠡᠭᠦᠨ ᠬᠤᠰᠢᠭᠤᠨ ᠤ ᠨᠢᠭᠡᠳᠦᠭᠡᠷ ᠲᠤᠷᠰᠢᠯᠲᠠ ᠶᠢᠨ ᠪᠠᠭ᠎ᠠ ᠰᠤᠷᠭᠠᠭᠤᠯᠢ᠂ ᠠᠯᠠᠱᠠ ᠵᠡᠭᠦᠨ ᠬᠤᠰᠢᠭᠤᠨ ᠤ ᠢ ᠹᠦ᠋ ᠶᠢᠨ ᠬᠤᠲᠣᠩ ᠦᠨᠳᠦᠰᠦᠲᠡᠨ ᠤ ᠰᠤᠷᠭᠠᠭᠤᠯᠢ᠂ ᠠᠯᠠᠱᠠ ᠵᠡᠭᠦᠨ ᠬᠤᠰᠢᠭᠤᠨ ᠤ ᠲᠠᠪᠤᠳᠤᠭᠠᠷ ᠪᠠᠭ᠎ᠠ ᠰᠤᠷᠭᠠᠭᠤᠯᠢ᠂ ᠠᠯᠠᠱᠠ ᠵᠡᠭᠦᠨ ᠬᠤᠰᠢᠭᠤᠨ ᠤ ᠮᠢᠩ ᠳ᠋ᠧ ᠪᠠᠭ᠎ᠠ ᠰᠤᠷᠭᠠᠭᠤᠯᠢ᠂ ᠠᠯᠠᠱᠠ ᠵᠡᠭᠦᠨ ᠬᠤᠰᠢᠭᠤᠨ ᠤ ᠮᠣᠩᠭᠤᠯ ᠦᠨᠳᠦᠰᠦᠲᠡᠨ ᠤ ᠲᠤᠷᠰᠢᠯᠲᠠ ᠶᠢᠨ ᠪᠠᠭ᠎ᠠ ᠰᠤᠷᠭᠠᠭᠤᠯᠢ᠂ ᠠᠯᠠᠱᠠ ᠵᠡᠭᠦᠨ ᠬᠤᠰᠢᠭᠤᠨ ᠤ ᠮᠣᠩᠭᠤᠯ ᠦᠨᠳᠦᠰᠦᠲᠡᠨ ᠤ ᠰᠤᠷᠭᠠᠭᠤᠯᠢ ᠳᠤ ᠰᠤᠷᠤᠯᠴᠠᠭᠤᠯᠬᠤ ᠪᠠᠷ ᠲᠣᠬᠢᠷᠠᠭᠤᠯᠤᠨ᠎ᠠ︔᠎  ᠬᠡᠷᠪᠡ ᠣᠨᠴᠠᠭᠠᠶ ᠪᠠᠶᠢᠳᠠᠯ ᠲᠠᠢ ᠪᠣᠯ ᠬᠠᠤᠯᠢ ᠪᠠᠷ ᠲᠣᠭᠲᠠᠭᠠᠭᠰᠠᠨ ᠬᠢᠨᠠᠨ ᠬᠠᠮᠠᠭᠠᠯᠠᠭᠴᠢ ᠨᠢ ᠰᠤᠷᠤᠯᠴᠠᠵᠤ ᠪᠠᠶᠢᠭ᠎ᠠ ᠰᠤᠷᠭᠠᠭᠤᠯᠢ ᠳᠤ ᠭᠤᠶᠤᠴᠢᠯᠠᠯ ᠭᠠᠷᠭᠠᠵᠤ ᠲᠣᠬᠢᠷᠠᠭᠤᠯᠤᠯᠲᠠ ᠬᠢᠵᠦ ᠪᠣᠯᠣᠨ᠎ᠠ ︵᠎  ᠵᠥᠪᠬᠡᠨ ᠨᠢᠭᠡᠳᠦᠯᠲᠡᠢ ᠲᠥᠯᠥᠪᠯᠡᠬᠦ ᠬᠡᠪᠴᠢᠶᠡᠨ ᠳᠠᠬᠢ ᠰᠤᠷᠭᠠᠭᠤᠯᠢ ᠶᠢ ᠵᠢᠭᠠᠨ᠎ᠠ︶᠎ ᠃      ᠳᠡᠭᠡᠷ᠎ᠡ ᠳᠤᠷᠠᠳᠤᠭᠰᠠᠨ ︽ᠨᠢᠭᠡᠳᠦᠯᠲᠡᠢ ᠲᠥᠯᠥᠪᠯᠡᠨ ᠲᠣᠬᠢᠷᠠᠭᠤᠯᠤᠯᠲᠠ ᠬᠢᠭᠰᠡᠨ︾᠎  ᠰᠤᠷᠭᠠᠭᠤᠯᠢ ᠨᠤᠭᠤᠳ ᠰᠣᠷᠣᠭᠴᠢ ᠡᠯᠰᠡᠬᠦ ᠲᠥᠯᠥᠪᠯᠡᠭᠡ ᠶᠢᠨ ᠲᠤᠭ᠎ᠠ ᠶᠢ ᠴᠢᠩᠭ᠎ᠠ ᠵᠢᠷᠤᠮᠯᠠᠨ ᠰᠣᠷᠣᠭᠴᠢ ᠡᠯᠰᠡᠬᠦ ᠬᠥᠮᠥᠨ ᠤ ᠲᠤᠭ᠎ᠠ ᠶᠢ ᠬᠢᠵᠠᠭᠠᠷᠯᠠᠨ᠎ᠠ᠃            4      ᠡᠨᠡ ᠵᠢᠯ ᠨᠡᠶᠢᠰᠯᠡᠯ ᠤᠨ ᠪᠠᠭᠰᠢ ᠶᠢᠨ ᠶᠡᠭᠡ ᠰᠤᠷᠭᠠᠭᠤᠯᠢ ᠶᠢᠨ ᠬᠠᠷᠢᠶᠠᠲᠤ ᠲᠤᠷᠰᠢᠯᠲᠠ ᠶᠢᠨ ᠰᠤᠷᠭᠠᠭᠤᠯᠢ ᠶᠢᠨ ᠬᠠᠮᠲᠤ ᠶᠢᠨ ᠴᠣᠭᠴᠠ ᠶᠢᠨ ᠰᠤᠷᠭᠠᠭᠤᠯᠢ ᠶᠢᠨ ᠡᠯᠰᠡᠯᠲᠡ ᠶᠢᠨ ᠲᠠᠯ᠎ᠠ ᠪᠠᠷ ᠶᠠᠮᠠᠷ ᠳᠦᠷᠢᠮ ᠲᠠᠢ ᠶᠤᠮ ᠪᠣᠢ︖᠎       ᠬᠠᠷᠢᠭᠤᠯᠲᠠ ᠡᠨᠡ ᠵᠢᠯ ᠨᠡᠶᠢᠰᠯᠡᠯ ᠤᠨ ᠪᠠᠭᠰᠢ ᠶᠢᠨ ᠶᠡᠭᠡ ᠰᠤᠷᠭᠠᠭᠤᠯᠢ ᠶᠢᠨ ᠬᠠᠷᠢᠶᠠᠲᠤ ᠲᠤᠷᠰᠢᠯᠲᠠ ᠶᠢᠨ ᠰᠤᠷᠭᠠᠭᠤᠯᠢ ᠶᠢᠨ ᠬᠠᠮᠲᠤ ᠶᠢᠨ ᠴᠣᠭᠴᠠ ᠶᠢᠨ ᠰᠤᠷᠭᠠᠭᠤᠯᠢ ᠶᠢᠨ ᠠᠯᠠᠱᠠ ᠶᠢᠨ ᠮᠣᠩᠭᠤᠯ ᠦᠨᠳᠦᠰᠦᠲᠡᠨ ᠤ ᠪᠦᠷᠢᠨ ᠳᠤᠮᠳᠠᠳᠤ ᠰᠤᠷᠭᠠᠭᠤᠯᠢ ᠠᠩᠬ᠎ᠠ ᠤᠳᠠᠭ᠎ᠠ ᠪᠥᠬᠦ ᠬᠤᠰᠢᠭᠤᠨ ᠠᠴᠠ ᠦᠨᠳᠦᠰᠦᠲᠡᠨ ᠨᠦᠭᠦᠳ ᠤᠨ ᠰᠣᠷᠣᠭᠴᠢ ᠡᠯᠰᠡᠵᠦ᠂ ᠠᠯᠠᠱᠠ ᠵᠡᠭᠦᠨ ᠬᠤᠰᠢᠭᠤᠨ ᠤ ᠭᠤᠷᠪᠠᠳᠤᠭᠠᠷ ᠳᠤᠮᠳᠠᠳᠤ ᠰᠤᠷᠭᠠᠭᠤᠯᠢ᠂ ᠠᠯᠠᠱᠠ ᠵᠡᠭᠦᠨ ᠬᠤᠰᠢᠭᠤᠨ ᠤ ᠳᠥᠷᠪᠡᠳᠦᠭᠡᠷ ᠳᠤᠮᠳᠠᠳᠤ ᠰᠤᠷᠭᠠᠭᠤᠯᠢ᠂ ᠠᠯᠠᠱᠠ ᠵᠡᠭᠦᠨ ᠬᠤᠰᠢᠭᠤᠨ ᠤ ᠶᠢᠰᠦᠳᠦᠭᠡᠷ ᠳᠤᠮᠳᠠᠳᠤ ᠰᠤᠷᠭᠠᠭᠤᠯᠢ ᠲᠠᠢ ᠬᠠᠮᠲᠤ ᠰᠤᠷᠤᠯᠭ᠎ᠠ ᠶᠢᠨ ᠲᠣᠭᠤᠷᠢᠭ ᠢ ᠬᠠᠮᠲᠤ ᠪᠠᠷ ᠡᠳ᠋ᠯᠡᠨ᠎ᠡ᠃ ᠰᠣᠷᠣᠭᠴᠢ ᠡᠯᠰᠡᠬᠦ ᠳᠤ ᠴᠠᠬᠢᠮ ᠰᠦᠯᠵᠢᠶ᠎ᠡ +ᠨᠡᠷ᠎ᠡ ᠮᠡᠳᠡᠭᠦᠯᠵᠦ ᠳᠠᠩᠰᠠᠯᠠᠭᠤᠯᠬᠤ ᠶᠢ ᠬᠡᠷᠡᠭᠵᠢᠭᠦᠯᠵᠦ᠂ ᠰᠤᠷᠭᠠᠭᠤᠯᠢ ᠶᠢᠨ ᠲᠣᠭᠤᠷᠢᠭ ᠤᠨ ᠬᠡᠪᠴᠢᠶᠡᠨ ᠳᠠᠬᠢ ᠡᠯ᠎ᠡ ᠦᠨᠳᠦᠰᠦᠲᠡᠨ ᠤ ᠳᠣᠯᠣᠳᠤᠭᠠᠷ ᠣᠨ ᠤ ᠰᠢᠨ᠎ᠡ ᠰᠣᠷᠣᠭᠴᠢ ᠴᠥᠮ ᠨᠡᠷ᠎ᠡ ᠮᠡᠳᠡᠭᠦᠯᠵᠦ ᠪᠣᠯᠣᠨ᠎ᠠ᠂ ᠨᠡᠷ᠎ᠡ ᠮᠡᠳᠡᠭᠦᠯᠦᠭᠰᠡᠨ ᠬᠥᠮᠥᠨ ᠤ ᠲᠤᠭ᠎ᠠ ᠨᠢ ᠰᠣᠷᠣᠭᠴᠢ ᠡᠯᠰᠡᠬᠦ ᠲᠥᠯᠥᠪᠯᠡᠭᠡ ᠶᠢᠨ ᠲᠤᠭ᠎ᠠ ᠠᠴᠠ ᠪᠠᠭ᠎ᠠ ᠪᠣᠯᠪᠠᠯ ᠰᠢᠭᠤᠳ ᠡᠯᠰᠡᠨ᠎ᠡ᠂ ᠨᠡᠷ᠎ᠡ ᠮᠡᠳᠡᠭᠦᠯᠦᠭᠰᠡᠨ ᠬᠥᠮᠥᠨ ᠤ ᠲᠤᠭ᠎ᠠ ᠨᠢ ᠰᠣᠷᠣᠭᠴᠢ ᠡᠯᠰᠡᠬᠦ ᠲᠥᠯᠥᠪᠯᠡᠭᠡ ᠶᠢᠨ ᠲᠤᠭ᠎ᠠ ᠠᠴᠠ ᠶᠡᠭᠡ ᠪᠣᠯᠪᠠᠯ ᠨᠡᠷ᠎ᠡ ᠮᠡᠳᠡᠭᠦᠯᠬᠦ ᠲᠠᠰ ᠳᠠᠷᠠᠭᠠᠯᠠᠯ ᠢᠶᠠᠷ ᠤᠷᠢᠳ ᠬᠤᠵᠢᠳ ᠳᠠᠷᠠᠭᠠᠯᠠᠨ ᠡᠯᠰᠡᠨ᠎ᠡ᠂ ᠲᠤᠭ᠎ᠠ ᠨᠢ ᠳᠦᠭᠦᠷᠪᠡᠯ ᠳᠠᠷᠤᠢ ᠵᠣᠭᠰᠣᠨ᠎ᠠ᠃ ᠪᠣᠳᠠᠲᠠᠢ ᠰᠣᠷᠣᠭᠴᠢ ᠡᠯᠰᠡᠬᠦ ᠲᠥᠯᠥᠪᠯᠡᠭᠡ ᠶᠢᠨ ᠲᠤᠭ᠎ᠠ ᠵᠢᠴᠢ ᠨᠡᠷ᠎ᠡ ᠮᠡᠳᠡᠭᠦᠯᠬᠦ ᠠᠷᠭ᠎ᠠ ᠮᠠᠶ᠋ᠢᠭ ᠢ ᠠᠰ ᠲᠤᠨᠢ ᠪᠢᠴᠢᠭ ᠮᠠᠲ᠋ᠧᠷᠢᠶᠠᠯ ᠪᠠᠭᠤᠯᠭᠠᠵᠤ ᠮᠡᠳᠡᠭᠳᠡᠨ᠎ᠡ᠂ ᠪᠠᠰᠠ ᠨᠡᠶᠢᠰᠯᠡᠯ ᠤᠨ ᠪᠠᠭᠰᠢ ᠶᠢᠨ ᠶᠡᠭᠡ ᠰᠤᠷᠭᠠᠭᠤᠯᠢ ᠶᠢᠨ ᠬᠠᠷᠢᠶᠠᠲᠤ ᠲᠤᠷᠰᠢᠯᠲᠠ ᠶᠢᠨ ᠰᠤᠷᠭᠠᠭᠤᠯᠢ ᠶᠢᠨ ᠬᠠᠮᠲᠤ ᠶᠢᠨ ᠴᠣᠭᠴᠠ ᠶᠢᠨ ᠰᠤᠷᠭᠠᠭᠤᠯᠢ ᠶᠢᠨ ᠠᠯᠠᠱᠠ ᠶᠢᠨ ᠮᠣᠩᠭᠤᠯ ᠦᠨᠳᠦᠰᠦᠲᠡᠨ ᠤ ᠪᠦᠷᠢᠨ ᠳᠤᠮᠳᠠᠳᠤ ᠰᠤᠷᠭᠠᠭᠤᠯᠢ ᠠᠴᠠ ᠰᠢᠭᠤᠳ ᠠᠰᠠᠭᠤᠨ ᠯᠠᠪᠯᠠᠵᠤ ᠪᠣᠯᠣᠨ᠎ᠠ᠃                  5      ᠶᠠᠭᠤᠨ ᠳᠤ ᠰᠤᠷᠤᠭᠴᠢᠳ ᠢᠶᠠᠷ ᠥᠪᠡᠷ ᠤᠨ ᠰᠤᠷᠭᠠᠭᠤᠯᠢ ᠳᠤ ᠣᠷᠣᠬᠤ ᠳᠤᠷᠠᠲᠠᠢ ᠰᠤᠷᠭᠠᠭᠤᠯᠢ ᠪᠠᠨ ᠴᠢᠯᠦᠭᠡᠲᠡᠢ ᠰᠣᠩᠭᠤᠭᠤᠯᠵᠤ ᠪᠣᠯᠬᠤ ᠦᠭᠡᠢ ᠪᠣᠶ︖᠎       ᠬᠠᠷᠢᠭᠤᠯᠲᠠ 2016 ᠣᠨ ᠳᠤ ᠠᠯᠠᠱᠠ ᠵᠡᠭᠦᠨ ᠬᠤᠰᠢᠭᠤ ᠨᠢᠭᠡᠨᠲᠡ ᠤᠯᠤᠰ ᠤᠨ ︽ᠠᠯᠪᠠᠨ ᠵᠢᠷᠤᠮ ᠤᠨ ᠰᠤᠷᠭᠠᠨ ᠬᠥᠮᠦᠵᠢᠯ ᠢ ᠦᠨᠳᠦᠰᠦᠨ ᠳᠡᠭᠡᠨ ᠲᠡᠩᠴᠡᠭᠦᠷᠢᠲᠡᠢ ᠪᠠᠶᠢᠯᠭᠠᠬᠤ︾᠎  ᠪᠠᠷᠢᠮᠵᠢᠶ᠎ᠠ ᠳᠤ ᠬᠦᠷᠭᠡᠬᠦ ᠰᠢᠯᠭᠠᠨ ᠪᠠᠶᠢᠴᠠᠭᠠᠯᠲᠠ ᠳᠤ ᠬᠢᠷᠢ ᠲᠡᠩᠴᠡᠪᠡ᠂ ᠥᠭᠡᠷ᠎ᠡ ᠪᠠᠷ ᠬᠡᠯᠡᠪᠡᠯ ᠮᠠᠨ ᠤ ᠡᠯ᠎ᠡ ᠠᠩᠬ᠎ᠠ ᠵᠡᠷᠭᠡ ᠶᠢᠨ ᠳᠤᠮᠳᠠᠳᠤ ᠰᠤᠷᠭᠠᠭᠤᠯᠢ᠂ ᠪᠠᠭ᠎ᠠ ᠰᠤᠷᠭᠠᠭᠤᠯᠢ ᠶᠢᠨ ᠰᠤᠷᠭᠠᠭᠤᠯᠢ ᠡᠷᠭᠢᠯᠡᠬᠦ ᠨᠥᠬᠦᠴᠡᠯ ᠤᠨ ᠵᠥᠷᠢᠶ᠎ᠡ ᠶᠡᠭᠡ ᠪᠢᠰᠢ᠂ ᠡᠶᠢᠮᠦ ᠠᠴᠠ ᠪᠢᠳᠡᠨ ᠤ ︽ᠣᠶᠢᠷ᠎ᠠ ᠬᠠᠪᠢ ᠳᠠᠭᠠᠨ ᠬᠡᠰᠡᠭ ᠬᠤᠪᠢᠶᠠᠵᠤ᠂ ᠨᠢᠭᠡᠳᠦᠯᠲᠡᠢ ᠲᠥᠯᠥᠪᠯᠡᠨ ᠲᠣᠬᠢᠷᠠᠭᠤᠯᠤᠯᠲᠠ ᠬᠢᠬᠦ︾᠎  ᠰᠤᠷᠭᠠᠭᠤᠯᠢ ᠳᠤ ᠣᠷᠣᠬᠤ ᠨᠥᠬᠦᠴᠡᠯ ᠪᠣᠯᠪᠠᠰᠤᠷᠠᠩᠭᠤᠢ ᠪᠣᠯᠤᠭᠰᠠᠨ ᠪᠠᠶᠢᠨ᠎ᠠ᠃ ᠡᠭᠦᠨ ᠤ ᠬᠠᠮᠲᠤ᠂ ᠡᠯ᠎ᠡ ᠳᠤᠮᠳᠠᠳᠤ ᠪᠠᠭ᠎ᠠ ᠰᠤᠷᠭᠠᠭᠤᠯᠢ ᠶᠢᠨ ᠵᠢᠭᠠᠨ ᠰᠤᠷᠭᠠᠯᠲᠠ ᠶᠢᠨ ᠴᠢᠨᠠᠷ ᠴᠢᠨᠰᠠᠭ᠎ᠠ ᠶᠢ ᠪᠠᠲᠤᠯᠠᠬᠤ ᠵᠣᠷᠢᠯᠭ᠎ᠠ ᠪᠠᠷ᠂ ᠤᠯᠤᠰ ᠠᠴᠠ ᠪᠠᠭ᠎ᠠ ᠰᠤᠷᠭᠠᠭᠤᠯᠢ ᠶᠢᠨ ᠠᠩᠭᠢ ᠶᠢᠨ ᠬᠥᠮᠥᠨ ᠤ ᠲᠤᠭ᠎ᠠ ᠶᠢ 45 ᠬᠥᠮᠥᠨ ᠠᠴᠠ ᠬᠡᠲᠦᠷᠡᠭᠦᠯᠵᠦ ᠪᠣᠯᠬᠤ ᠦᠭᠡᠢ᠂ ᠠᠩᠬ᠎ᠠ ᠵᠡᠷᠭᠡ ᠶᠢᠨ ᠳᠤᠮᠳᠠᠳᠤ ᠰᠤᠷᠭᠠᠭᠤᠯᠢ ᠶᠢᠨ ᠠᠩᠭᠢ ᠶᠢᠨ ᠬᠥᠮᠥᠨ ᠤ ᠲᠤᠭ᠎ᠠ ᠶᠢ 50 ᠬᠥᠮᠥᠨ ᠠᠴᠠ ᠬᠡᠲᠦᠷᠡᠭᠦᠯᠵᠦ ᠪᠣᠯᠬᠤ ᠦᠭᠡᠢ ᠭᠡᠵᠦ ᠲᠣᠭᠲᠠᠭᠠᠵᠠᠢ᠂ ᠰᠤᠷᠭᠠᠨ ᠬᠥᠮᠦᠵᠢᠯ ᠤᠨ ᠡᠷᠬᠡ ᠲᠡᠭᠰᠢ ᠪᠠᠶᠢᠬᠤ ᠶᠢ ᠪᠠᠲᠤᠯᠠᠵᠤ᠂ ᠡᠮᠬᠢ ᠵᠢᠷᠤᠮ ᠦᠭᠡᠢ᠂ ᠰᠣᠬᠤᠷ ᠪᠠᠯᠠᠢ ᠪᠠᠷ ᠰᠤᠷᠭᠠᠭᠤᠯᠢ ᠰᠣᠩᠭᠤᠬᠤ ᠠᠩᠭᠢ ᠰᠣᠩᠭᠤᠬᠤ ᠦᠵᠡᠭᠳᠡᠯ ᠭᠠᠷᠬᠤ ᠶᠢ ᠰᠡᠷᠭᠡᠶᠢᠯᠡᠬᠦ ᠵᠣᠷᠢᠯᠭ᠎ᠠ ᠪᠠᠷ᠂ ᠰᠤᠷᠭᠠᠭᠤᠯᠢ ᠶᠢᠨ ᠲᠣᠭᠤᠷᠢᠭ ᠠᠯᠤᠰᠯᠠᠨ ᠰᠣᠷᠣᠭᠴᠢ ᠡᠯᠰᠡᠬᠦ ᠶᠢ ᠵᠥᠪᠰᠢᠶᠡᠷᠡᠬᠦ ᠦᠭᠡᠢ᠃                  6      ᠪᠠᠭ᠎ᠠ ᠰᠤᠷᠭᠠᠭᠤᠯᠢ᠂ ᠠᠩᠬ᠎ᠠ ᠵᠡᠷᠭᠡ ᠶᠢᠨ ᠳᠤᠮᠳᠠᠳᠤ ᠰᠤᠷᠭᠠᠭᠤᠯᠢ ᠳᠤ ᠣᠷᠣᠬᠤ ᠨᠢ ᠡᠷᠦᠬᠡ ᠠᠮᠠ ᠶᠢᠨ ᠲᠠᠩᠰᠠ ᠪᠠᠶᠢᠭ᠎ᠠ ᠭᠠᠵᠠᠷ ᠲᠠᠢ ᠬᠠᠷᠢᠴᠠᠭ᠎ᠠ ᠲᠠᠢ ᠦᠦ︖᠎       ᠬᠠᠷᠢᠭᠤᠯᠲᠠ᠄  ᠠᠯᠪᠠᠨ ᠵᠢᠷᠤᠮ ᠤᠨ ᠰᠤᠷᠭᠠᠨ ᠬᠥᠮᠦᠵᠢᠯ ᠤᠨ ᠱᠠᠲᠤᠨ ᠳᠤ᠂ ᠪᠢᠳᠡ ︽ᠨᠢᠭᠡ ᠬᠤᠲᠠ ᠶᠢᠨ ᠬᠠᠷᠠᠭᠠᠯᠵᠠᠯ︾᠎ ᠎ ᠢ ᠪᠦᠷᠢᠮᠦᠰᠦᠨ ᠬᠡᠷᠡᠭᠵᠢᠭᠦᠯᠦᠨ᠎ᠡ᠂ ᠥᠭᠡᠷ᠎ᠡ ᠪᠠᠷ ᠬᠡᠯᠡᠪᠡᠯ ᠲᠣᠰ ᠭᠠᠵᠠᠷ ᠤᠨ ᠡᠷᠦᠬᠡ ᠠᠮᠠ ᠶᠢᠨ ᠲᠠᠩᠰᠠ ᠪᠠ ᠲᠣᠰ ᠭᠠᠵᠠᠷ ᠤᠨ ᠪᠤᠰᠤ ᠡᠷᠦᠬᠡ ᠠᠮᠠ ᠶᠢᠨ ᠲᠠᠩᠰᠠ ᠶᠢᠨ ᠰᠤᠷᠭᠠᠭᠤᠯᠢ ᠳᠤ ᠣᠷᠣᠬᠤ ᠲᠥᠷᠥ ᠶᠢᠨ ᠪᠣᠳᠣᠯᠭ᠎ᠠ ᠨᠢ ᠴᠥᠮ ᠠᠳᠠᠯᠢᠬᠠᠨ ᠪᠠᠶᠢᠳᠠᠭ᠂ ᠡᠨᠡ ᠨᠢ ᠵᠥᠪᠬᠡᠨ ᠰᠣᠷᠣᠭᠴᠢ ᠶᠢᠨ ᠬᠢᠨᠠᠨ ᠬᠠᠮᠠᠭᠠᠯᠠᠭᠴᠢ ᠶᠢᠨ ᠭᠡᠷ ᠬᠥᠷᠥᠩᠭᠡ ᠪᠠ ᠪᠣᠳᠠᠲᠠᠢ ᠣᠷᠣᠰᠢᠨ ᠰᠠᠭᠤᠵᠤ ᠪᠠᠶᠢᠭ᠎ᠠ ᠭᠠᠵᠠᠷ ᠲᠠᠢ ᠬᠤᠯᠪᠣᠭ᠎ᠠ ᠲᠠᠢ ᠶᠤᠮ᠃            7      ᠠᠩᠬ᠎ᠠ ᠵᠡᠷᠭᠡ ᠶᠢᠨ ᠳᠤᠮᠳᠠᠳᠤ ᠰᠤᠷᠭᠠᠭᠤᠯᠢ ᠪᠤᠶᠤ ᠪᠠᠭ᠎ᠠ ᠰᠤᠷᠭᠠᠭᠤᠯᠢ ᠶᠠᠮᠠᠷ ᠨᠢᠭᠡᠨ ᠰᠤᠷᠭᠠᠭᠤᠯᠢ ᠳᠤ ᠰᠤᠷᠤᠯᠴᠠᠬᠤ ᠳᠤ ᠶᠠᠮᠠᠷ ᠶᠠᠮᠠᠷ ᠨᠥᠬᠦᠴᠡᠯ ᠢ ᠪᠦᠷᠢᠯᠳᠦᠭᠦᠯᠬᠦ ᠴᠢᠬᠤᠯᠠᠲᠠᠢ ᠪᠣᠶ︖᠎       ᠬᠠᠷᠢᠭᠤᠯᠲᠠ᠄  ︽2024 ᠣᠨ ᠤ ᠠᠯᠠᠱᠠ ᠵᠡᠭᠦᠨ ᠬᠤᠰᠢᠭᠤᠨ ᠤ ᠳᠤᠮᠳᠠᠳᠤ ᠪᠠᠭ᠎ᠠ ᠰᠤᠷᠭᠠᠭᠤᠯᠢ ᠶᠢᠨ ᠬᠡᠦᠬᠡᠳ ᠤᠨ ᠴᠡᠴᠡᠷᠯᠢᠭ ᠤᠨ ᠰᠣᠷᠣᠭᠴᠢ ᠡᠯᠰᠡᠬᠦ ᠠᠵᠢᠯ ᠤᠨ ᠲᠥᠰᠥᠯ︾᠎ ᠎ ᠳᠤ᠂ ᠬᠡᠰᠡᠭ ᠬᠤᠪᠢᠶᠠᠨ ᠰᠤᠷᠭᠠᠭᠤᠯᠢ ᠳᠤ ᠣᠷᠣᠬᠤ ᠨᠥᠬᠦᠴᠡᠯ ᠢ ᠬᠤᠷᠢᠶᠠᠩᠭᠤᠶᠢᠯᠠᠪᠠᠯ᠂ ᠬᠡᠦᠬᠡᠳ ᠤᠨ ᠡᠴᠢᠭᠡ ᠡᠬᠡ ᠪᠤᠶᠤ ᠬᠠᠤᠯᠢ ᠪᠠᠷ ᠲᠣᠭᠲᠠᠭᠠᠭᠰᠠᠨ ᠬᠢᠨᠠᠨ ᠬᠠᠮᠠᠭᠠᠯᠠᠭᠴᠢ ᠶᠢᠨ ᠨᠡᠷ᠎ᠡ ᠳᠣᠣᠷᠠᠬᠢ ᠭᠡᠷ ᠪᠠᠶᠢᠰᠢᠩ ᠤᠨ ᠥᠮᠴᠢᠯᠡᠯ ᠤᠨ ᠡᠷᠬᠡ ᠶᠢᠨ ᠦᠨᠡᠮᠯᠡᠯ ︵᠎  ᠳᠠᠷᠤᠢ ᠥᠯᠥ ᠬᠥᠳᠡᠯᠬᠦ ᠬᠥᠷᠥᠩᠭᠡ ᠶᠢᠨ ᠡᠷᠬᠡ ᠶᠢᠨ ᠦᠨᠡᠮᠯᠡᠯ︶᠎ ᠎ ᠢ ᠠᠯᠢ ᠰᠤᠷᠭᠠᠭᠤᠯᠢ ᠶᠢᠨ ᠰᠤᠷᠭᠠᠭᠤᠯᠢ ᠶᠢᠨ ᠲᠣᠭᠤᠷᠢᠭ ᠲᠤ ᠲᠣᠬᠢᠷᠠᠭᠤᠯᠪᠠᠯ ᠲᠡᠷᠡ ᠰᠤᠷᠭᠠᠭᠤᠯᠢ ᠳᠤ ᠰᠤᠷᠤᠯᠴᠠᠭᠤᠯᠬᠤ ᠶᠢ ᠦᠵᠡᠨ᠎ᠡ︔᠎  ᠭᠠᠭᠴᠠ ᠬᠦ ᠡᠴᠢᠭᠡ ᠡᠬᠡ ᠪᠤᠶᠤ ᠬᠠᠤᠯᠢ ᠪᠠᠷ ᠲᠣᠭᠲᠠᠭᠠᠭᠰᠠᠨ ᠬᠢᠨᠠᠨ ᠬᠠᠮᠠᠭᠠᠯᠠᠭᠴᠢ ᠶᠢᠨ ᠨᠡᠷ᠎ᠡ ᠳᠡᠭᠡᠷ᠎ᠡ ᠰᠠᠭᠤᠬᠤ ᠭᠡᠷ ᠪᠠᠶᠢᠬᠤ ᠦᠭᠡᠢ ᠪᠣᠯ ᠰᠠᠶ᠋ᠢ ᠬᠠᠤᠯᠢ ᠶᠣᠰᠣᠨ ᠤ ᠲᠣᠭᠲᠠᠭᠠᠯ ᠳᠤ ᠨᠡᠶᠢᠴᠡᠭᠰᠡᠨ ᠲᠦᠷᠢᠶᠡᠰᠦᠨ ᠡᠷᠦᠬᠡ᠂ ᠭᠤᠷᠪᠠᠨ ᠦᠶ᠎ᠡ ᠪᠠᠷ ᠢᠶᠠᠨ ᠬᠠᠮᠲᠤ ᠰᠠᠭᠤᠬᠤ᠂ ᠲᠦᠰᠢᠭᠯᠡᠨ ᠰᠠᠭᠤᠬᠤ ᠵᠡᠷᠭᠡ ᠪᠠᠶᠢᠳᠠᠯ ᠢᠶᠠᠷ ᠮᠠᠭᠠᠳᠯᠠᠨ ᠲᠣᠭᠲᠠᠭᠠᠨ᠎ᠠ᠂ ᠡᠶᠢᠮᠦᠷᠬᠦᠦ ᠪᠠᠶᠢᠳᠠᠯ ᠢ ᠪᠠᠶᠠᠨᠬᠤᠲᠠ ᠣᠷᠣᠨ ᠳᠤ ᠭᠡᠷ ᠪᠠᠶᠢᠰᠢᠩ ᠦᠭᠡᠢ ᠭᠡᠷᠡᠴᠢ ᠬᠠᠩᠭᠠᠵᠤ ᠭᠡᠷᠡᠴᠢᠯᠡᠬᠦ ᠬᠡᠷᠡᠭᠲᠡᠢ ᠪᠥᠭᠡᠳ ᠬᠠᠩᠭᠠᠭᠰᠠᠨ ᠮᠠᠲ᠋ᠧᠷᠢᠶᠠᠯ ᠤᠨ ᠦᠨᠡᠨ ᠪᠣᠳᠠᠲᠠᠢ ᠪᠥᠭᠡᠳ ᠬᠦᠴᠦᠨ ᠲᠠᠢ ᠪᠠᠶᠢᠬᠤ ᠶᠢ ᠠᠮᠠᠯᠠᠨ᠎ᠠ᠃                        ᠠᠳᠡ ᠣᠨᠴᠠᠭᠠᠶᠢᠯᠠᠨ ᠰᠠᠨᠠᠭᠤᠯᠬᠤ ᠨᠢ᠂ ᠬᠡᠷᠪᠡ ᠰᠤᠷᠭᠠᠭᠤᠯᠢ ᠳᠤ ᠣᠷᠣᠬᠤ ᠬᠤᠳᠠᠯ ᠬᠠᠭᠤᠷᠮᠠᠭ ᠭᠡᠷᠡᠴᠢ ᠮᠠᠲ᠋ᠧᠷᠢᠶᠠᠯ ᠬᠠᠩᠭᠠᠪᠠᠯ᠂ ᠪᠢᠳᠡ ᠲᠣᠭᠲᠠᠭᠠᠯ ᠠᠴᠠ ᠵᠥᠷᠢᠴᠡᠭᠰᠡᠨ ᠪᠠᠶᠢᠳᠠᠯ ᠢ ᠭᠡᠷ ᠤᠨ ᠠᠬᠠᠮᠠᠳ ᠤᠨ ᠪᠠᠶᠢᠭ᠎ᠠ ᠨᠢᠭᠡᠴᠢ ᠪᠠ ᠬᠤᠯᠪᠣᠭᠳᠠᠯ ᠪᠦᠬᠦᠢ ᠰᠠᠯᠠᠭ᠎ᠠ ᠮᠥᠴᠢᠷ ᠲᠤ ᠬᠠᠷᠢᠭᠤ ᠲᠤᠰᠬᠠᠵᠤ᠂ ᠡᠭᠦᠨ ᠠᠴᠠ ᠪᠣᠯᠤᠭᠰᠠᠨ ᠠᠯᠢᠪᠠ ᠦᠷ᠎ᠡ ᠳ᠋ᠦᠩ ᠢ ᠭᠡᠷ ᠤᠨ ᠠᠬᠠᠮᠠᠳ ᠡᠭᠦᠷᠭᠡᠯᠡᠨ᠎ᠡ᠃            8      ᠪᠠᠶᠠᠨᠬᠤᠲᠠ ᠣᠷᠣᠨ ᠳᠤ ᠣᠷᠣᠨ ᠰᠠᠭᠤᠴᠠ ᠦᠭᠡᠢ ᠪᠣᠯ ︽ᠭᠡᠷ ᠪᠠᠶᠢᠰᠢᠩ ᠦᠭᠡᠢ ᠭᠡᠷᠡᠴᠢ︾᠎  ᠲᠤᠰᠢᠶᠠᠬᠤ ᠬᠡᠷᠡᠭᠲᠡᠢ᠂ ᠡᠨᠡ ᠭᠡᠷᠡᠴᠢ ᠶᠢ ᠬᠠᠮᠢᠭ᠎ᠠ ᠠᠴᠠ ᠭᠠᠷᠭᠠᠬᠤ ᠪᠣᠶ︖᠎       ᠬᠠᠷᠢᠭᠤᠯᠲᠠ᠄  ᠠᠯᠠᠱᠠ ᠵᠡᠭᠦᠨ ᠬᠤᠰᠢᠭᠤᠨ ᠤ ᠵᠠᠰᠠᠭ ᠤᠨ ᠶᠠᠪᠤᠳᠠᠯ ᠤᠨ ᠦᠢᠯᠡᠴᠢᠯᠡᠭᠡᠨ ᠤ ᠶᠡᠭᠡ ᠲᠢᠩᠬᠢᠮ ᠤᠨ 3 ᠳ᠋ᠤᠭᠠᠷ ᠳᠠᠪᠬᠤᠷᠯᠢᠭ ᠤᠨ ᠥᠯᠥ ᠬᠥᠳᠡᠯᠬᠦ ᠬᠥᠷᠥᠩᠭᠡ ᠶᠢᠨ ᠦᠢᠯᠡᠴᠢᠯᠡᠭᠡᠨ ᠤ ᠲᠥᠪ ᠤᠨ 12᠂ 13 ᠳ᠋ᠤᠭᠠᠷ ᠴᠣᠩᠬᠤᠪᠴᠢ ᠪᠠᠷ ᠪᠠᠶᠢᠴᠠᠭᠠᠨ ᠯᠠᠪᠯᠠᠬᠤ ᠪᠤᠶᠤ ᠳᠠᠷᠤᠮᠠᠯᠯᠠᠵᠤ ᠪᠣᠯᠣᠨ᠎ᠠ᠂ ᠬᠦᠴᠦᠨ ᠲᠠᠢ ᠬᠤᠭᠤᠴᠠᠭ᠎ᠠ ᠎ ᠨᠢ 3 ᠡᠳᠦᠷ᠂ ᠨᠡᠷ᠎ᠡ ᠮᠡᠳᠡᠭᠦᠯᠬᠦ ᠠᠴᠠ 3 ᠡᠳᠦᠷ ᠤᠨ ᠡᠮᠦᠨ᠎ᠡ ᠣᠴᠢᠵᠤ ᠪᠢᠴᠢᠪᠡᠯ ᠪᠣᠯᠴᠢᠬᠠᠨ᠎ᠠ᠃                  9      ᠭᠡᠷ ᠤᠨ ᠠᠬᠠᠮᠠᠳ ᠠᠵᠢᠯ ᠶᠠᠭᠠᠷᠠᠤ ᠪᠣᠯᠬᠤᠷ ᠦᠳᠡ ᠳᠤ ᠬᠡᠦᠬᠡᠳ ᠢᠶᠠᠨ ᠬᠠᠷᠠᠭᠠᠯᠵᠠᠵᠤ ᠳᠡᠶᠢᠯᠬᠦ ᠦᠭᠡᠢ ᠪᠣᠯ ᠶᠠᠭᠠᠬᠢᠬᠤ ᠪᠣᠢ︖᠎       ᠬᠠᠷᠢᠭᠤᠯᠲᠠ  ᠡᠶᠢᠮᠦ ᠪᠠᠶᠢᠳᠠᠯ ᠲᠠᠢ ᠭᠡᠷ ᠤᠨ ᠠᠬᠠᠮᠠᠳ ᠤᠨ ᠰᠠᠨᠠᠭᠠᠰᠢᠷᠠᠯ ᠢ ᠰᠢᠢᠳᠪᠦᠷᠢᠯᠡᠬᠦ ᠵᠣᠷᠢᠯᠭ᠎ᠠ ᠪᠠᠷ᠂ ᠡᠨᠡ ᠵᠢᠯ ᠪᠢᠳᠡ ᠪᠠᠶᠠᠨᠬᠤᠲᠠ ᠣᠷᠣᠨ ᠤ ᠪᠠᠶᠢᠷᠢ ᠳᠤ ᠰᠠᠭᠤᠬᠤ ᠳᠦᠷᠢᠮᠲᠦ ᠳᠤᠮᠳᠠᠳᠤ᠂ ᠪᠠᠭ᠎ᠠ ᠰᠤᠷᠭᠠᠭᠤᠯᠢ᠂ ᠥᠭᠡᠷ᠎ᠡ ᠪᠠᠷ ᠬᠡᠯᠡᠪᠡᠯ ᠠᠯᠠᠱᠠ ᠵᠡᠭᠦᠨ ᠬᠤᠰᠢᠭᠤᠨ ᠤ ᠨᠠᠢᠮᠠᠳᠤᠭᠠᠷ ᠳᠤᠮᠳᠠᠳᠤ ᠰᠤᠷᠭᠠᠭᠤᠯᠢ ᠪᠣᠯᠣᠨ ᠠᠯᠠᠱᠠ ᠵᠡᠭᠦᠨ ᠬᠤᠰᠢᠭᠤᠨ ᠤ ᠲᠠᠪᠤᠳᠤᠭᠠᠷ ᠪᠠᠭ᠎ᠠ ᠰᠤᠷᠭᠠᠭᠤᠯᠢ ᠳᠤ ᠦᠳᠡ ᠶᠢᠨ ᠠᠮᠠᠷᠠᠯᠲᠠ ᠶᠢᠨ ᠦᠢᠯᠡᠴᠢᠯᠡᠭᠡ ᠬᠠᠩᠭᠠᠬᠤ ᠶᠢ ᠱᠠᠭᠠᠷᠳᠠᠨ᠎ᠠ᠂ ᠭᠡᠷ ᠤᠨ ᠠᠬᠠᠮᠠᠳ ᠨᠠᠶᠢᠵᠠ ᠨᠥᠬᠦᠳ ᠰᠤᠷᠭᠠᠭᠤᠯᠢ ᠶᠢᠨ ᠲᠣᠭᠤᠷᠢᠭ ᠤᠨ ᠬᠢᠵᠠᠭᠠᠷᠯᠠᠯ ᠢ ᠬᠦᠯᠢᠶᠡᠬᠦ ᠦᠭᠡᠢ ᠪᠠᠷ ᠡᠨᠡ ᠬᠤᠶᠠᠷ ᠰᠤᠷᠭᠠᠭᠤᠯᠢ ᠶᠢ ᠰᠣᠩᠭᠤᠵᠤ ᠰᠤᠷᠤᠯᠴᠠᠭᠤᠯᠵᠤ ᠪᠣᠯᠣᠨ᠎ᠠ᠃                  10      ᠡᠨᠡ ᠵᠢᠯ ᠶᠠᠭᠤᠨ ᠳᠤ ᠶᠢᠰᠦᠳᠦᠭᠡᠷ ᠪᠠᠭ᠎ᠠ ᠰᠤᠷᠭᠠᠭᠤᠯᠢ᠂ ᠲᠤᠷᠰᠢᠯᠲᠠ ᠶᠢᠨ ᠬᠤᠶᠠᠳᠤᠭᠠᠷ ᠪᠠᠭ᠎ᠠ ᠰᠤᠷᠭᠠᠭᠤᠯᠢ᠂ ᠵᠢᠷᠭᠤᠳᠤᠭᠠᠷ ᠪᠠᠭ᠎ᠠ ᠰᠤᠷᠭᠠᠭᠤᠯᠢ᠂ ᠨᠠᠢᠮᠠᠳᠤᠭᠠᠷ ᠪᠠᠭ᠎ᠠ ᠰᠤᠷᠭᠠᠭᠤᠯᠢ ᠶᠢᠨ ᠲᠣᠭᠤᠷᠢᠭ ᠤᠨ ᠰᠤᠷᠤᠭᠴᠢᠳ ᠪᠤᠰᠤᠳ ᠬᠡᠳᠦᠨ ᠪᠠᠭ᠎ᠠ ᠰᠤᠷᠭᠠᠭᠤᠯᠢ ᠳᠤ ᠰᠤᠷᠤᠯᠴᠠᠬᠤ ᠪᠠᠷ ᠭᠤᠶᠤᠴᠢᠯᠠᠵᠤ ᠪᠣᠯᠣᠨ᠎ᠠ ᠭᠡᠵᠦ ᠲᠣᠭᠲᠠᠭᠠᠭᠰᠠᠨ ᠪᠤᠢ︖᠎       ᠬᠠᠷᠢᠭᠤᠯᠲᠠ᠄  ᠡᠨᠡ ᠨᠢ ᠡᠮᠦᠨᠡᠬᠢ ᠬᠤᠭᠤᠴᠠᠭᠠᠨ ᠳᠤ ᠡᠯ᠎ᠡ ᠪᠠᠭ᠎ᠠ ᠰᠤᠷᠭᠠᠭᠤᠯᠢ ᠶᠢᠨ ᠰᠤᠷᠭᠠᠭᠤᠯᠢ ᠶᠢᠨ ᠲᠣᠭᠤᠷᠢᠭ ᠤᠨ ᠬᠡᠪᠴᠢᠶᠡᠨ ᠳᠠᠬᠢ ᠰᠤᠷᠬᠤ ᠨᠠᠰᠤᠨ ᠤ ᠰᠤᠷᠤᠭᠴᠢᠳ ᠤᠨ ᠲᠠᠷᠬᠠᠯᠲᠠ ᠶᠢᠨ ᠪᠠᠶᠢᠳᠠᠯ ᠢ ᠣᠶᠢᠯᠠᠭᠠᠭᠰᠠᠨ ᠪᠠᠶᠢᠳᠠᠯ ᠠᠴᠠ ᠦᠵᠡᠪᠡᠯ᠂ ᠶᠢᠰᠦᠳᠦᠭᠡᠷ ᠪᠠᠭ᠎ᠠ ᠰᠤᠷᠭᠠᠭᠤᠯᠢ᠂ ᠲᠤᠷᠰᠢᠯᠲᠠ ᠶᠢᠨ ᠬᠤᠶᠠᠳᠤᠭᠠᠷ ᠪᠠᠭ᠎ᠠ ᠰᠤᠷᠭᠠᠭᠤᠯᠢ᠂ ᠵᠢᠷᠭᠤᠳᠤᠭᠠᠷ ᠪᠠᠭ᠎ᠠ ᠰᠤᠷᠭᠠᠭᠤᠯᠢ᠂ ᠨᠠᠢᠮᠠᠳᠤᠭᠠᠷ ᠪᠠᠭ᠎ᠠ ᠰᠤᠷᠭᠠᠭᠤᠯᠢ ᠶᠢᠨ ᠰᠤᠷᠭᠠᠭᠤᠯᠢ ᠶᠢᠨ ᠳᠣᠲᠣᠷᠠᠬᠢ ᠰᠤᠷᠬᠤ ᠨᠠᠰᠤᠨ ᠤ ᠰᠤᠷᠤᠭᠴᠢ ᠶᠢᠨ ᠲᠤᠭ᠎ᠠ ᠨᠢ ᠡᠨᠡ ᠬᠡᠳᠦᠨ ᠰᠤᠷᠭᠠᠭᠤᠯᠢ ᠶᠢᠨ ᠰᠤᠷᠤᠭᠴᠢ ᠡᠯᠰᠡᠬᠦ ᠪᠠᠷ ᠲᠥᠯᠥᠪᠯᠡᠵᠦ ᠪᠠᠶᠢᠭ᠎ᠠ ᠠᠩᠭᠢ ᠶᠢᠨ ᠲᠤᠭ᠎ᠠ ᠠᠴᠠ ᠳᠠᠪᠠᠭᠰᠠᠨ ᠪᠠᠶᠢᠨ᠎ᠠ᠃ ᠭᠡᠲᠡᠯ᠎ᠡ ᠪᠠᠷᠠᠭᠤᠨ ᠬᠤᠲᠠ ᠲᠣᠭᠤᠷᠢᠭ ᠤᠨ ᠲᠤᠷᠰᠢᠯᠲᠠ ᠶᠢᠨ ᠪᠠᠭ᠎ᠠ ᠰᠤᠷᠭᠠᠭᠤᠯᠢ᠂ ᠢ ᠹᠦ᠋ ᠰᠤᠷᠭᠠᠭᠤᠯᠢ ᠳᠠᠭᠠᠨ ᠪᠤᠴᠠᠵᠤ᠂ ᠲᠠᠪᠤᠳᠤᠭᠠᠷ ᠪᠠᠭ᠎ᠠ ᠰᠤᠷᠭᠠᠭᠤᠯᠢ᠂ ᠮᠢᠩ ᠳ᠋ᠧ ᠪᠠᠭ᠎ᠠ ᠰᠤᠷᠭᠠᠭᠤᠯᠢ᠂ ᠮᠣᠩᠭᠤᠯ ᠦᠨᠳᠦᠰᠦᠲᠡᠨ ᠤ ᠲᠤᠷᠰᠢᠯᠲᠠ ᠶᠢᠨ ᠪᠠᠭ᠎ᠠ ᠰᠤᠷᠭᠠᠭᠤᠯᠢ᠂ ᠮᠣᠩᠭᠤᠯ ᠦᠨᠳᠦᠰᠦᠲᠡᠨ ᠤ ᠰᠤᠷᠭᠠᠭᠤᠯᠢ ᠶᠢᠨ ᠰᠤᠷᠭᠠᠭᠤᠯᠢ ᠶᠢᠨ ᠬᠦᠷᠢᠶᠡᠨ ᠳᠠᠬᠢ ᠰᠤᠷᠭᠠᠭᠤᠯᠢ ᠳᠤ ᠣᠷᠣᠬᠤ ᠨᠠᠰᠤᠨ ᠤ ᠰᠤᠷᠤᠭᠴᠢᠳ ᠰᠤᠷᠭᠠᠭᠤᠯᠢ ᠶᠢᠨ ᠰᠤᠷᠤᠭᠴᠢ ᠡᠯᠰᠡᠬᠦ ᠲᠥᠯᠥᠪᠯᠡᠭᠡ ᠳᠤ ᠬᠦᠷᠴᠦ ᠴᠢᠳᠠᠭᠰᠠᠨ ᠦᠭᠡᠢ᠃ ᠡᠶᠢᠮᠦ ᠠᠴᠠ ᠡᠶᠢᠮᠦᠷᠬᠦ ᠨᠢᠭᠡᠳᠦᠯᠲᠡᠢ ᠲᠥᠯᠥᠪᠯᠡᠬᠦ ᠲᠥᠷᠥ ᠶᠢᠨ ᠪᠣᠳᠣᠯᠭ᠎ᠠ ᠶᠢ ᠨᠡᠶᠢᠲᠡᠯᠡᠵᠦ᠂ ᠶᠢᠰᠦᠳᠦᠭᠡᠷ ᠪᠠᠭ᠎ᠠ ᠰᠤᠷᠭᠠᠭᠤᠯᠢ᠂ ᠲᠤᠷᠰᠢᠯᠲᠠ ᠶᠢᠨ ᠬᠤᠶᠠᠳᠤᠭᠠᠷ ᠪᠠᠭ᠎ᠠ ᠰᠤᠷᠭᠠᠭᠤᠯᠢ᠂ ᠵᠢᠷᠭᠤᠳᠤᠭᠠᠷ ᠪᠠᠭ᠎ᠠ ᠰᠤᠷᠭᠠᠭᠤᠯᠢ᠂ ᠨᠠᠢᠮᠠᠳᠤᠭᠠᠷ ᠰᠤᠷᠭᠠᠭᠤᠯᠢ ᠶᠢᠨ ᠲᠣᠭᠤᠷᠢᠭ ᠤᠨ ᠨᠥᠬᠦᠴᠡᠯ ᠳᠤ ᠨᠡᠶᠢᠴᠡᠬᠦ ᠰᠣᠷᠣᠭᠴᠢ ᠨᠠᠰᠤᠲᠠᠨ ᠬᠡᠦᠬᠡᠳ ᠢᠶᠠᠨ ᠬᠠᠷᠠᠵᠤ ᠬᠠᠷᠠᠭᠠᠯᠵᠠᠬᠤ ᠪᠤᠶᠤ ᠭᠡᠷ ᠤᠨ ᠠᠬᠠᠮᠠᠳ ᠤᠨ ᠠᠵᠢᠯ ᠳᠤ ᠭᠠᠷᠬᠤ ᠪᠠ ᠠᠵᠢᠯ ᠠᠴᠠ ᠪᠠᠭᠤᠬᠤ ᠳᠤ ᠲᠣᠰᠴᠤ ᠬᠦᠷᠭᠡᠬᠦ ᠳᠤ ᠲᠥᠬᠦᠮ ᠵᠡᠷᠭᠡ ᠰᠢᠯᠲᠠᠭᠠᠨ ᠠᠴᠠ ᠪᠣᠯᠵᠤ ᠳᠡᠭᠡᠷᠡᠬᠢ 6 ᠪᠠᠭ᠎ᠠ ᠰᠤᠷᠭᠠᠭᠤᠯᠢ ᠳᠤ ᠰᠤᠷᠤᠯᠴᠠᠬᠤ ᠪᠠᠷ ᠭᠤᠶᠤᠴᠢᠯᠠᠵᠤ ᠪᠣᠯᠣᠨ᠎ᠠ᠂ ᠭᠡᠪᠡᠴᠦ ᠵᠥᠪᠬᠡᠨ ᠡᠨᠡ 6 ᠰᠤᠷᠭᠠᠭᠤᠯᠢ ᠳᠤ ᠯᠠ ᠬᠢᠵᠠᠭᠠᠷᠯᠠᠭᠳᠠᠨ᠎ᠠ᠃                  11      ᠴᠠᠬᠢᠮ ᠰᠦᠯᠵᠢᠶ᠎ᠡ +ᠨᠡᠷ᠎ᠡ ᠮᠡᠳᠡᠭᠦᠯᠬᠦ ᠳᠤ ᠶᠠᠮᠠᠷ ᠶᠠᠮᠠᠷ ᠵᠦᠢᠯᠡᠰ ᠢ ᠠᠩᠬᠠᠷᠬᠤ ᠬᠡᠷᠡᠭᠲᠡᠢ ᠪᠣᠶ︖᠎       ᠬᠠᠷᠢᠭᠤᠯᠲᠠ᠄  ᠣᠳᠣᠬᠠᠨ ᠳᠤ᠂ ᠴᠠᠬᠢᠮ ᠰᠦᠯᠵᠢᠶ᠎ᠡ +ᠰᠤᠷᠭᠠᠭᠤᠯᠢ ᠳᠤ ᠣᠷᠣᠬᠤ ᠪᠠᠷ ᠨᠡᠷ᠎ᠡ ᠮᠡᠳᠡᠭᠦᠯᠬᠦ ᠎ ᠨᠢ ᠵᠥᠪᠬᠡᠨ ᠬᠡᠦᠬᠡᠳ ᠤᠨ ᠴᠡᠴᠡᠷᠯᠢᠭ ᠤᠨ ᠪᠠᠭ᠎ᠠ ᠠᠩᠭᠢ᠂ ᠪᠠᠭ᠎ᠠ ᠰᠤᠷᠭᠠᠭᠤᠯᠢ ᠶᠢᠨ ᠨᠢᠭᠡᠳᠦᠭᠡᠷ ᠤᠨ᠂ ᠠᠩᠬ᠎ᠠ ᠵᠡᠷᠭᠡ ᠶᠢᠨ ᠳᠤᠮᠳᠠᠳᠤ ᠰᠤᠷᠭᠠᠭᠤᠯᠢ ᠶᠢᠨ ᠳᠣᠯᠣᠳᠤᠭᠠᠷ ᠣᠨ ᠤ ᠰᠢᠨ᠎ᠡ ᠰᠣᠷᠣᠭᠴᠢ ᠶᠢᠨ ᠬᠠᠮᠲᠤᠯᠢᠭ ᠲᠤ ᠴᠢᠭᠯᠡᠭᠦᠯᠵᠦ ᠪᠠᠶᠢᠨ᠎ᠠ᠃ ᠨᠡᠷ᠎ᠡ ᠮᠡᠳᠡᠭᠦᠯᠬᠦ ᠳᠤ ᠲᠣᠭᠲᠠᠭᠰᠠᠨ ᠴᠠᠭ᠂ ᠭᠠᠷ ᠤᠲᠠᠰᠤᠨ ᠤ ᠴᠠᠬᠢᠮ ᠲᠠᠪᠴᠠᠩ ᠪᠤᠶᠤ ᠺᠣᠮᠫᠢᠦ᠋ᠲ᠋ᠧᠷ ᠤᠨ ᠴᠠᠬᠢᠮ ᠲᠠᠪᠴᠠᠩ ᠤᠨ ᠫᠷᠣᠭ᠍ᠷᠠᠮ ᠢ ᠪᠦᠷ ᠬᠡᠷᠡᠭᠯᠡᠵᠦ ᠪᠣᠯᠣᠨ᠎ᠠ᠂ ᠨᠠᠷᠢᠨ ᠲᠣᠳᠣᠷᠬᠠᠢ ᠠᠷᠭ᠎ᠠ ᠪᠠ ᠬᠠᠶ᠋ᠢᠭ ᠤᠨ ᠲᠠᠯ᠎ᠠ ᠪᠠᠷ ᠠᠯᠠᠱᠠ ᠵᠡᠭᠦᠨ ᠬᠤᠰᠢᠭᠤᠨ ᠤ ᠰᠤᠷᠭᠠᠨ ᠬᠥᠮᠦᠵᠢᠯ ᠤᠨ ᠲᠣᠪᠴᠢᠶ᠎ᠠ ᠶᠢᠨ ᠸᠢᠴᠠᠲ ᠤᠨ ᠴᠠᠬᠢᠮ ᠲᠠᠪᠴᠠᠩ ᠳᠡᠭᠡᠷᠡᠬᠢ ︽2024 ᠣᠨ ᠤ ᠠᠯᠠᠱᠠ ᠵᠡᠭᠦᠨ ᠬᠤᠰᠢᠭᠤᠨ ᠤ ᠳᠤᠮᠳᠠᠳᠤ ᠪᠠᠭ᠎ᠠ ᠰᠤᠷᠭᠠᠭᠤᠯᠢ ᠶᠢᠨ ᠬᠡᠦᠬᠡᠳ ᠤᠨ ᠴᠡᠴᠡᠷᠯᠢᠭ ᠤᠨ ᠰᠣᠷᠣᠭᠴᠢ ᠡᠯᠰᠡᠬᠦ ᠲᠥᠰᠥᠯ︾᠎ ᠎ ᠢ ᠯᠠᠪᠯᠠᠵᠤ ᠦᠵᠡᠭᠡᠷᠡᠢ᠃ ᠰᠢᠨ᠎ᠡ ᠰᠣᠷᠣᠭᠴᠢ ᠶᠢᠨ ᠭᠡᠷ ᠤᠨ ᠠᠬᠠᠮᠠᠳ ︽ᠠᠯᠠᠱᠠ ᠵᠡᠭᠦᠨ ᠬᠤᠰᠢᠭᠤᠨ ᠤ ᠰᠤᠷᠭᠠᠨ ᠬᠥᠮᠦᠵᠢᠯ ᠪᠡᠶ᠎ᠡ ᠶᠢᠨ ᠲᠠᠮᠢᠷ ᠤᠨ ᠲᠣᠪᠴᠢᠶ᠎ᠠ︾᠎ ᠎ ᠶᠢᠨ ᠸᠢᠴᠠᠲ ᠤᠨ ᠣᠯᠠᠨ ᠴᠠᠬᠢᠮ ᠲᠠᠪᠴᠠᠩ ᠳᠤ ᠴᠠᠭ ᠲᠤᠬᠠᠢ ᠳᠤᠨᠢ ᠠᠩᠬᠠᠷᠤᠯ ᠲᠠᠯᠪᠢᠵᠤ᠂ ᠴᠠᠬᠢᠮ ᠰᠦᠯᠵᠢᠶ᠎ᠡ +ᠨᠡᠷ᠎ᠡ ᠮᠡᠳᠡᠭᠦᠯᠬᠦ ᠰᠦᠯᠵᠢᠶᠡᠨ ᠬᠠᠶ᠋ᠢᠭ ᠨᠢ ᠬᠤᠪᠢᠷᠠᠯᠲᠠ ᠲᠠᠢ ᠪᠣᠯᠪᠠᠯ᠂ ᠲᠡᠷᠡ ᠦᠶ᠎ᠡ ᠳᠤ ᠸᠢᠴᠠᠲ ᠤᠨ ᠴᠠᠬᠢᠮ ᠲᠠᠪᠴᠠᠩ ᠢᠶᠠᠷ ᠳᠠᠮᠵᠢᠭᠤᠯᠤᠨ ᠰᠦᠯᠵᠢᠶᠡᠨ ᠤ ᠬᠠᠶ᠋ᠢᠭ ᠢ ᠬᠤᠪᠢᠷᠠᠭᠤᠯᠬᠤ ᠠᠯᠪᠠᠨ ᠵᠠᠷ ᠨᠡᠶᠢᠲᠡᠯᠡᠬᠦ ᠶᠢ ᠬᠦᠰᠡᠵᠦ ᠪᠠᠶᠢᠨ᠎ᠠ᠃ ᠠᠩᠬᠠᠨ ᠤ ᠣᠨ ᠤ ᠪᠤᠰᠤ ᠰᠤᠷᠭᠠᠭᠤᠯᠢ ᠰᠢᠯᠵᠢᠬᠦ ᠰᠤᠷᠤᠭᠴᠢᠳ ᠬᠠᠰᠢ ᠯᠠ ᠠᠯᠠᠱᠠ ᠵᠡᠭᠦᠨ ᠬᠤᠰᠢᠭᠤᠨ ᠤ ᠰᠤᠷᠭᠠᠨ ᠬᠥᠮᠦᠵᠢᠯ ᠤᠨ ᠪᠡᠶ᠎ᠡ ᠶᠢᠨ ᠲᠠᠮᠢᠷ ᠤᠨ ᠲᠣᠪᠴᠢᠶ᠎ᠠ ᠶᠢᠨ ᠰᠠᠭᠤᠷᠢ ᠰᠤᠷᠭᠠᠨ ᠬᠥᠮᠦᠵᠢᠯ ᠤᠨ ᠲᠠᠰᠤᠭ ︵᠎  601︶᠎ ᠎ ᠲᠤ ᠬᠦᠷᠴᠦ ᠰᠦᠯᠵᠢᠶᠡᠨ ᠭᠠᠳᠠᠨ᠎ᠠ ᠭᠦᠢᠴᠡᠳᠬᠡᠨ᠎ᠡ᠃            ᠴᠠᠬᠢᠮ ᠰᠦᠯᠵᠢᠶ᠎ᠡ +ᠨᠡᠷ᠎ᠡ ᠮᠡᠳᠡᠭᠦᠯᠬᠦ ᠳᠤ ᠠᠩᠬᠠᠷᠬᠤ ᠬᠡᠷᠡᠭᠲᠡᠢ᠄  ᠨᠢᠭᠡ ᠳᠤ᠂ ᠨᠡᠷ᠎ᠡ ᠮᠡᠳᠡᠭᠦᠯᠬᠦ ᠵᠢᠷᠤᠮ ᠤᠨ ᠰᠣᠩᠭᠤᠯᠲᠠ ᠶᠢ ᠲᠣᠳᠣᠷᠬᠠᠢ ᠦᠵᠡᠵᠦ᠂ ᠥᠪᠡᠷ ᠤᠨ ᠪᠣᠳᠠᠲᠠᠢ ᠪᠠᠶᠢᠳᠠᠯ ᠢᠶᠠᠨ ᠦᠨᠳᠦᠰᠦᠯᠡᠨ ᠵᠢᠷᠤᠮ ᠤᠨ ᠵᠠᠮ ᠢ ᠵᠥᠪ ᠰᠣᠩᠭᠤᠬᠤ ᠬᠡᠷᠡᠭᠲᠡᠢ︔᠎  ᠬᠤᠶᠠᠷ ᠲᠤ᠂ ᠬᠤᠯᠪᠣᠭᠳᠠᠬᠤ ᠮᠡᠳᠡᠭᠡ ᠵᠠᠩᠭᠢ ᠶᠢ ᠦᠨᠡᠨ ᠪᠣᠳᠠᠲᠠᠢ ᠪᠠᠷ᠂ ᠣᠨᠣᠪᠴᠢᠲᠠᠶ ᠲᠠᠭᠯᠠᠨ ᠪᠢᠴᠢᠬᠦ ᠬᠡᠷᠡᠭᠲᠡᠢ᠂ ᠢᠯᠠᠩᠭᠤᠶ᠎ᠠ ᠰᠣᠷᠣᠭᠴᠢ ᠶᠢᠨ ᠣᠪᠣᠭ ᠨᠡᠷ᠎ᠡ᠂ ᠣᠷᠣᠨ ᠰᠠᠭᠤᠴᠠ ᠶᠢᠨ ᠬᠠᠶ᠋ᠢᠭ ᠤᠨ ᠮᠡᠳᠡᠭᠡ ᠵᠠᠩᠭᠢ ᠨᠢ ᠡᠷᠬᠡᠪᠰᠢ ᠵᠥᠪ ᠣᠨᠣᠪᠴᠢᠲᠠᠶ ᠪᠠᠶᠢᠬᠤ ᠬᠡᠷᠡᠭᠲᠡᠢ︔᠎  ᠭᠤᠷᠪᠠ ᠳᠤ᠂ ᠳᠡᠭᠡᠭᠰᠢ ᠳᠠᠮᠵᠢᠭᠤᠯᠤᠭᠰᠠᠨ ᠭᠡᠷᠡᠴᠢᠯᠡᠬᠦ ᠮᠠᠲ᠋ᠧᠷᠢᠶᠠᠯ ᠢ ᠠᠯᠢ ᠴᠢᠳᠠᠬᠤ ᠪᠠᠷ ᠲᠣᠳᠣᠷᠬᠠᠢ ᠰᠢᠭ᠋ ᠰᠡᠭᠦᠳᠡᠷᠯᠡᠵᠦ᠂ ᠪᠢᠳᠡᠨ ᠤ ᠴᠠᠬᠢᠮ ᠰᠦᠯᠵᠢᠶ᠎ᠡ +ᠬᠢᠨᠠᠨ ᠬᠠᠷᠭᠤᠭᠤᠯᠬᠤ ᠳᠤ ᠲᠦᠭᠦᠮ ᠪᠣᠯᠭᠠᠬᠤ ᠬᠡᠷᠡᠭᠲᠡᠢ᠃                  12      ᠬᠡᠷᠪᠡ ᠴᠠᠬᠢᠮ ᠰᠦᠯᠵᠢᠶ᠎ᠡ +ᠨᠡᠷ᠎ᠡ ᠮᠡᠳᠡᠭᠦᠯᠦᠭᠡᠳ ᠬᠢᠷᠢ ᠲᠡᠩᠴᠡᠭᠰᠡᠨ ᠦᠭᠡᠢ ᠪᠣᠯ ᠶᠠᠭᠠᠬᠢᠬᠤ ᠪᠤᠶ︖᠎       ᠬᠠᠷᠢᠭᠤᠯᠲᠠ᠄  ᠴᠠᠬᠢᠮ ᠰᠦᠯᠵᠢᠶ᠎ᠡ +ᠨᠡᠷ᠎ᠡ ᠮᠡᠳᠡᠭᠦᠯᠦᠭᠡᠳ ᠠᠮᠵᠢᠯᠲᠠ ᠣᠯᠣᠭᠰᠠᠨ ᠤ ᠳᠠᠷᠠᠭ᠎ᠠ᠂ ᠰᠢᠰᠲ᠋ᠧᠮ ᠠᠴᠠ ᠭᠡᠷ ᠤᠨ ᠠᠬᠠᠮᠠᠳ ᠤᠨ ᠦᠯᠡᠳᠡᠭᠡᠭᠰᠡᠨ ᠤᠲᠠᠰᠤᠨ ᠨᠣᠮᠧᠷ ᠲᠤ ᠨᠡᠷ᠎ᠡ ᠮᠡᠳᠡᠭᠦᠯᠦᠭᠡᠳ ᠠᠮᠵᠢᠯᠲᠠ ᠣᠯᠣᠭᠰᠠᠨ ᠮᠡᠳᠡᠭᠡ ᠵᠠᠩᠭᠢ ᠶᠠᠪᠤᠭᠤᠯᠬᠤ ᠶᠢᠨ ᠬᠠᠮᠲᠤ ︽ᠰᠤᠷᠭᠠᠭᠤᠯᠢ ᠳᠤ ᠣᠷᠣᠬᠤ ᠮᠡᠳᠡᠭᠳᠡᠯ ᠤᠨ ᠬᠠᠭᠤᠳᠠᠰᠤ︾᠎ ᠎ ᠶᠢ ᠳᠠᠷᠤᠮᠠᠯᠯᠠᠭᠠᠳ ᠲᠣᠭᠲᠠᠭᠰᠠᠨ ᠴᠠᠭ ᠲᠤ ᠬᠠᠷᠠᠭᠠᠯᠵᠠᠭᠰᠠᠨ ᠰᠤᠷᠭᠠᠭᠤᠯᠢ ᠳᠤ ᠬᠦᠷᠴᠦ ᠰᠤᠷᠭᠠᠭᠤᠯᠢ ᠳᠤ ᠣᠷᠣᠬᠤ ᠳᠠᠩᠰᠠᠯᠠᠯᠲᠠ ᠬᠢᠬᠦ ᠶᠢ ᠰᠠᠨᠠᠭᠤᠯᠳᠠᠭ᠃ ᠬᠡᠷᠪᠡ ᠠᠮᠵᠢᠯᠲᠠ ᠲᠠᠢ ᠠᠵᠢᠯᠯᠠᠵᠤ ᠳᠡᠶᠢᠯᠬᠦ ᠦᠭᠡᠢ ᠪᠣᠯ ᠠᠯᠠᠱᠠ ᠵᠡᠭᠦᠨ ᠬᠤᠰᠢᠭᠤᠨ ᠤ ᠰᠤᠷᠭᠠᠨ ᠬᠥᠮᠦᠵᠢᠯ ᠤᠨ ᠪᠡᠶ᠎ᠡ ᠶᠢᠨ ᠲᠠᠮᠢᠷ ᠤᠨ ᠲᠣᠪᠴᠢᠶ᠎ᠠ ᠶᠢᠨ ᠰᠣᠷᠣᠭᠴᠢ ᠡᠯᠰᠡᠬᠦ ᠯᠠᠪᠯᠠᠭ᠎ᠠ ᠪᠠ ᠦᠢᠯᠡᠴᠢᠯᠡᠭᠡᠨ ᠤ ᠤᠲᠠᠰᠤ 8222009᠎ ᠶᠢ ᠤᠲᠠᠰᠤᠳᠠᠭᠠᠷᠠᠢ᠂ ᠭᠡᠷ ᠤᠨ ᠠᠬᠠᠮᠠᠳ ᠨᠠᠶᠢᠵᠠ ᠨᠠᠷ ᠮᠥᠨ ᠯᠡ ᠰᠢᠢᠳᠪᠦᠷᠢᠯᠡᠵᠦ ᠳᠡᠶᠢᠯᠬᠦ ᠦᠭᠡᠢ ᠪᠣᠯ ᠰᠠᠨᠳᠤᠷᠤᠭᠰᠠᠨ ᠤ ᠬᠡᠷᠡᠭ ᠦᠭᠡᠢ᠂ ︽ᠰᠣᠷᠣᠭᠴᠢ ᠡᠯᠰᠡᠬᠦ ᠲᠥᠰᠥᠯ︾᠎ ᠎ ᠳᠤ ᠲᠣᠭᠲᠠᠭᠠᠭᠰᠠᠨ ᠴᠠᠭ ᠪᠠ ᠭᠠᠵᠠᠷ ᠲᠤ ᠰᠦᠯᠵᠢᠶᠡᠨ ᠠᠴᠠ ᠭᠠᠳᠠᠭᠤᠷ ᠭᠠᠷ ᠭᠦᠢᠴᠡᠳᠬᠡᠯ ᠬᠢᠵᠦ ᠪᠣᠯᠣᠨ᠎ᠠ᠃                  13       ︽ᠨᠡᠷᠡᠨ ᠤ ᠭᠡᠷᠡᠯ ᠢᠶᠠᠷ ᠠᠩᠭᠢ ᠬᠤᠪᠢᠶᠠᠬᠤ︾᠎ ᠎ ᠨᠢ ᠦᠨᠡᠬᠡᠷ ︽ᠨᠡᠷᠡᠨ ᠤ ᠭᠡᠷᠡᠯ︾᠎  ᠮᠥᠨ ᠦᠦ︖᠎       ᠬᠠᠷᠢᠭᠤᠯᠲᠠ᠄  ᠡᠮᠬᠢ ᠵᠢᠷᠤᠮ ᠦᠭᠡᠢ ᠪᠠᠷ ᠠᠩᠭᠢ ᠰᠣᠩᠭᠤᠬᠤ᠂ ᠡᠷᠬᠡ ᠲᠡᠭᠰᠢ ᠪᠠᠷ ᠰᠤᠷᠤᠭᠴᠢ ᠡᠯᠰᠡᠬᠦ ᠪᠠ ᠰᠤᠷᠭᠠᠭᠤᠯᠢ ᠳᠤ ᠣᠷᠣᠬᠤ ᠡᠮᠬᠢ ᠳᠢᠭᠯᠢᠮ ᠢ ᠰᠠᠮᠠᠭᠤᠷᠠᠭᠤᠯᠬᠤ ᠦᠵᠡᠭᠳᠡᠯ ᠭᠠᠷᠬᠤ ᠠᠴᠠ ᠰᠡᠷᠭᠡᠶᠢᠯᠡᠬᠦ ᠵᠣᠷᠢᠯᠭ᠎ᠠ ᠪᠠᠷ ᠂ 2021 ᠣᠨ ᠠᠴᠠ ᠡᠬᠢᠯᠡᠨ᠂ ᠠᠯᠠᠱᠠ ᠵᠡᠭᠦᠨ ᠬᠤᠰᠢᠭᠤᠨ ᠤ ᠬᠢᠨ ︽ᠰᠣᠷᠣᠭᠴᠢ ᠶᠢ ᠢᠯᠡ ᠪᠠᠷ ᠠᠩᠭᠢ ᠬᠤᠪᠢᠶᠠᠬᠤ︾᠎  ︽ᠪᠠᠭᠰᠢ ᠶᠢ ᠢᠯᠡ ᠪᠠᠷ ᠠᠩᠭᠢ ᠲᠣᠬᠢᠷᠠᠭᠤᠯᠬᠤ︾᠎  ︽ᠠᠩᠭᠢ ᠶᠢᠨ ᠡᠷᠬᠢᠯᠡᠭᠴᠢ ᠶᠢ ᠢᠯᠡ ᠪᠠᠷ ᠠᠩᠭᠢ ᠲᠣᠭᠲᠠᠭᠠᠬᠤ︾᠎  ᠵᠢᠷᠤᠮ ᠢᠶᠠᠷ ᠰᠣᠷᠣᠭᠴᠢ ᠶᠢ ᠢᠯᠡ ᠪᠠᠷ ᠠᠩᠭᠢ ᠬᠤᠪᠢᠶᠠᠬᠤ ᠪᠣᠯᠣᠨ᠎ᠠ᠂ ︽ᠠᠩᠭᠢ ᠶᠢᠨ ᠡᠷᠬᠢᠯᠡᠭᠴᠢ ᠶᠢ ᠢᠯᠡ ᠪᠠᠷ ᠠᠩᠭᠢ ᠲᠣᠭᠲᠠᠭᠠᠬᠤ︾᠎  ᠵᠠᠩᠭᠢᠯᠠᠭ᠎ᠠ ᠳᠤ ᠪᠢᠳᠡ ᠢᠯᠡ ᠪᠠᠷ ︽ᠠᠩᠭᠢ ᠲᠣᠭᠲᠠᠭᠠᠬᠤ︾᠎  ᠶᠣᠰᠣᠯᠠᠯ ᠢ ᠵᠣᠬᠢᠶᠠᠨ ᠪᠠᠶᠢᠭᠤᠯᠵᠤ᠂ ᠥᠷᠭᠡᠨ ᠣᠯᠠᠨ ᠭᠡᠷ ᠤᠨ ᠠᠬᠠᠮᠠᠳ ᠪᠠ ᠨᠡᠶᠢᠭᠡᠮ ᠤᠨ ᠬᠢᠨᠠᠯᠲᠠ ᠶᠢ ᠬᠦᠯᠢᠶᠡᠵᠦ ᠂ ᠡᠨᠡ ᠵᠢᠯ ︽ᠢᠯᠡ ᠪᠠᠷ ᠠᠩᠭᠢ ᠬᠤᠪᠢᠶᠠᠬᠤ︾᠎  ᠡᠯ᠎ᠡ ᠵᠦᠢᠯ ᠤᠨ ᠲᠣᠭᠲᠠᠭᠠᠯ ᠢ ᠦᠷᠭᠦᠯᠵᠢᠯᠡᠨ ᠴᠢᠩᠭ᠎ᠠ ᠬᠡᠷᠡᠭᠵᠢᠭᠦᠯᠦᠨ᠎ᠡ᠃                  14      ᠬᠡᠷᠪᠡ ᠣᠨᠴᠠᠭᠠᠶ ᠪᠠᠶᠢᠳᠠᠯ ᠳᠤ ᠲᠣᠬᠢᠶᠠᠯᠳᠤᠪᠠᠯ ᠴᠠᠭ ᠲᠤᠬᠠᠢ ᠳᠤᠨᠢ ᠨᠡᠷ᠎ᠡ ᠮᠡᠳᠡᠭᠦᠯᠵᠦ ᠠᠩᠭᠢ ᠬᠤᠪᠢᠶᠠᠭᠰᠠᠨ ᠦᠭᠡᠢ ᠪᠣᠯ ᠶᠠᠭᠠᠬᠢᠬᠤ ᠪᠣᠶ︖᠎       ᠬᠠᠷᠢᠭᠤᠯᠲᠠ᠄  ᠴᠠᠭ ᠲᠠᠭᠠᠨ ᠨᠡᠷ᠎ᠡ ᠮᠡᠳᠡᠭᠦᠯᠵᠦ ᠰᠤᠷᠭᠠᠭᠤᠯᠢ ᠳᠤ ᠣᠷᠣᠭᠰᠠᠨ ᠦᠭᠡᠢ ᠪᠤᠶᠤ ᠠᠩᠭᠢ ᠬᠤᠪᠢᠶᠠᠬᠤ ᠶᠣᠰᠣᠯᠠᠯ ᠳᠤ ᠣᠷᠣᠯᠴᠠᠭᠰᠠᠨ ᠦᠭᠡᠢ ᠰᠣᠷᠣᠭᠴᠢ ᠶᠢ ᠰᠤᠷᠭᠠᠭᠤᠯᠢ ᠠᠴᠠ ᠰᠢᠭᠤᠳ ᠭᠥᠯᠢᠶᠡᠨ ᠠᠪᠴᠤ ᠪᠣᠯᠬᠤ ᠦᠭᠡᠢ᠂ ᠴᠠᠬᠢᠮ ᠰᠦᠯᠵᠢᠶ᠎ᠡ +ᠪᠠᠭᠤᠵᠤ ᠠᠯᠠᠱᠠ ᠵᠡᠭᠦᠨ ᠬᠤᠰᠢᠭᠤᠨ ᠤ ᠰᠤᠷᠭᠠᠨ ᠬᠥᠮᠦᠵᠢᠯ ᠤᠨ ᠪᠡᠶ᠎ᠡ ᠶᠢᠨ ᠲᠠᠮᠢᠷ ᠤᠨ ᠲᠣᠪᠴᠢᠶ᠎ᠠ ᠳᠤ ᠬᠦᠷᠴᠦ ᠰᠣᠷᠣᠭᠴᠢ ᠶᠢᠨ ᠰᠤᠷᠭᠠᠭᠤᠯᠢ ᠳᠤ ᠣᠷᠣᠬᠤ ᠲᠣᠬᠢᠷᠠᠭᠤᠯᠤᠯᠲᠠ ᠶᠢ ᠨᠥᠬᠦᠴᠡᠯ ᠦᠭᠡᠢ ᠪᠠᠷ ᠭᠥᠯᠢᠶᠡᠨ ᠠᠪᠬᠤ ᠬᠡᠷᠡᠭᠲᠡᠢ ᠪᠥᠭᠡᠳ ᠬᠢᠨᠠᠨ ᠡᠵᠡᠮᠳᠡᠬᠦ ᠣᠷᠴᠢᠨ ᠳᠤ ᠰᠢᠪᠠᠭ᠎ᠠ ᠰᠤᠭᠤᠯᠵᠤ ᠪᠠᠶᠢᠭ᠎ᠠ ᠠᠩᠭᠢ ᠪᠠᠨ ᠲᠣᠭᠲᠠᠭᠠᠭᠰᠠᠨ ᠤ ᠳᠠᠷᠠᠭ᠎ᠠ ᠰᠤᠷᠭᠠᠭᠤᠯᠢ ᠳᠤ ᠨᠡᠷ᠎ᠡ ᠮᠡᠳᠡᠭᠦᠯᠵᠦ ᠳᠠᠩᠰᠠᠯᠠᠭᠤᠯᠬᠤ ᠬᠡᠷᠡᠭᠲᠡᠢ᠃                  15      ᠭᠠᠳᠠᠷ ᠣᠷᠣᠨ ᠠᠴᠠ ᠰᠢᠯᠵᠢᠵᠦ ᠣᠷᠣᠭᠰᠠᠨ ᠰᠤᠷᠤᠭᠴᠢᠳ ᠲᠤ ᠰᠤᠷᠭᠠᠭᠤᠯᠢ ᠳᠤ ᠣᠷᠣᠬᠤ ᠭᠠᠷ ᠭᠦᠢᠴᠡᠳᠬᠡᠯ ᠢ ᠬᠡᠷᠬᠢᠨ ᠬᠢᠬᠦ ᠪᠣᠶ︖᠎       ᠬᠠᠷᠢᠭᠤᠯᠲᠠ᠄  ᠠᠩᠬᠠᠨ ᠤ ᠣᠨ ᠤ ᠭᠠᠳᠠᠨ᠎ᠠ ᠣᠷᠣᠨ ᠤ ᠰᠣᠷᠣᠭᠴᠢ ᠶᠢᠨ ᠰᠤᠷᠭᠠᠭᠤᠯᠢ ᠳᠤ ᠣᠷᠣᠬᠤ ︵᠎  ᠬᠡᠦᠬᠡᠳ ᠤᠨ ᠴᠡᠴᠡᠷᠯᠢᠭ ᠤᠨ ᠪᠠᠭ᠎ᠠ ᠠᠩᠭᠢ᠂ ᠪᠠᠭ᠎ᠠ ᠰᠤᠷᠭᠠᠭᠤᠯᠢ ᠶᠢᠨ ᠨᠢᠭᠡᠳᠦᠭᠡᠷ ᠤᠨ᠂ ᠠᠩᠬ᠎ᠠ ᠵᠡᠷᠭᠡ ᠶᠢᠨ ᠳᠤᠮᠳᠠᠳᠤ ᠰᠤᠷᠭᠠᠭᠤᠯᠢ ᠶᠢᠨ ᠳᠣᠯᠣᠳᠤᠭᠠᠷ ᠣᠨ ᠤ ᠰᠣᠷᠣᠭᠴᠢ ᠶᠢ ᠵᠢᠭᠠᠵᠤ ᠪᠣᠶ︶᠎ ᠎ ᠨᠢ ᠠᠯᠠᠱᠠ ᠵᠡᠭᠦᠨ ᠬᠤᠰᠢᠭᠤᠨ ᠤ ᠲᠤᠬᠠᠢ ᠶᠢᠨ ᠭᠠᠵᠠᠷ ᠤᠨ ᠰᠣᠷᠣᠭᠴᠢ ᠲᠠᠢ ᠠᠳᠠᠯᠢ ᠪᠠᠷ ᠰᠢᠨ᠎ᠡ ᠰᠣᠷᠣᠭᠴᠢ ᠶᠢᠨ ᠨᠡᠷ᠎ᠡ ᠮᠡᠳᠡᠭᠦᠯᠬᠦ ᠵᠢᠷᠤᠮ ᠢᠶᠠᠷ ᠨᠡᠷ᠎ᠡ ᠮᠡᠳᠡᠭᠦᠯᠪᠡᠯ ᠪᠣᠯᠴᠢᠬᠠᠨ᠎ᠠ︔᠎  ᠠᠩᠬᠠᠨ ᠤ ᠣᠨ ᠤ ᠪᠤᠰᠤ ᠰᠣᠷᠣᠭᠴᠢ ᠰᠤᠷᠭᠠᠭᠤᠯᠢ ᠳᠤ ᠣᠷᠣᠬᠤ ᠳᠤ ᠰᠤᠷᠭᠠᠭᠤᠯᠢ ᠡᠬᠢᠯᠡᠬᠦ ᠠᠴᠠ ᠡᠮᠦᠨ᠎ᠡ ᠰᠣᠷᠣᠭᠴᠢ ᠶᠢᠨ ᠠᠯᠠᠱᠠ ᠵᠡᠭᠦᠨ ᠬᠤᠰᠢᠭᠤᠨ ᠤ ᠪᠣᠳᠠᠲᠠᠢ ᠰᠠᠭᠤᠭ᠎ᠠ ᠭᠠᠵᠠᠷ ᠤᠨ ᠬᠤᠯᠪᠣᠭᠳᠠᠯ ᠪᠦᠬᠦᠢ ᠭᠡᠷᠡᠴᠢ ᠮᠠᠲ᠋ᠧᠷᠢᠶᠠᠯ ᠪᠠ ᠰᠣᠷᠣᠭᠴᠢ ᠶᠢᠨ ᠰᠤᠷᠭᠠᠭᠤᠯᠢ ᠶᠢᠨ ᠬᠠᠷᠢᠶ᠎ᠠ ᠶᠢᠨ ᠮᠡᠳᠡᠭᠡ ᠵᠠᠩᠭᠢ ᠶᠢᠨ ᠬᠦᠰᠦᠨᠦᠭᠲᠦ ᠶᠢ ᠠᠪᠴᠤ ᠠᠯᠠᠱᠠ ᠵᠡᠭᠦᠨ ᠬᠤᠰᠢᠭᠤᠨ ᠤ ᠰᠤᠷᠭᠠᠨ ᠬᠥᠮᠦᠵᠢᠯ ᠪᠡᠶ᠎ᠡ ᠶᠢᠨ ᠲᠠᠮᠢᠷ ᠤᠨ ᠲᠣᠪᠴᠢᠶ᠎ᠠ ᠶᠢᠨ ᠰᠦᠯᠵᠢᠶᠡᠨ ᠠᠴᠠ ᠭᠠᠳᠠᠨ᠎ᠠ ᠣᠴᠢᠵᠤ ᠭᠦᠢᠴᠡᠳᠬᠡᠬᠦ ᠬᠡᠷᠡᠭᠲᠡᠢ᠂ ᠵᠠᠷᠴᠢᠮ ᠳᠡᠭᠡᠷ᠎ᠡ ᠪᠠᠨ ᠰᠤᠷᠭᠠᠭᠤᠯᠢ ᠳᠤ ᠣᠷᠣᠬᠤ ᠬᠤᠭᠤᠴᠠᠭᠠᠨ ᠳᠤ ᠰᠤᠷᠭᠠᠭᠤᠯᠢ ᠰᠢᠯᠵᠢᠬᠦ ᠦᠭᠡᠢ᠃                  16      ᠬᠡᠦᠬᠡᠳ ᠰᠤᠷᠤᠯᠭ᠎ᠠ ᠶᠢᠨ ᠬᠠᠷᠰᠢ ᠰᠠᠭᠠᠳ ᠲᠠᠢ ᠪᠠᠶᠢᠬᠤ ᠳᠤ ᠭᠡᠷ ᠤᠨ ᠠᠬᠠᠮᠠᠳ ᠨᠢ ᠬᠡᠦᠬᠡᠳ ᠢᠶᠠᠨ ᠡᠩ ᠤᠨ ᠬᠡᠦᠬᠡᠳ ᠲᠠᠢ ᠠᠳᠠᠯᠢ ᠪᠠᠷ ᠰᠤᠷᠭᠠᠨ ᠬᠥᠮᠦᠵᠢᠯ ᠬᠦᠷᠲᠡᠬᠦ ᠶᠢ ᠬᠦᠰᠡᠳᠡᠭ᠂ ᠡᠭᠦᠨ ᠢ ᠬᠡᠷᠬᠢᠨ ᠰᠣᠩᠭᠤᠬᠤ ᠪᠣᠢ︖᠎       ᠬᠠᠷᠢᠭᠤᠯᠲᠠ᠄  ᠬᠡᠦᠬᠡᠳ ᠰᠤᠷᠤᠯᠭ᠎ᠠ ᠶᠢᠨ ᠬᠠᠷᠰᠢ ᠰᠠᠭᠠᠳ ᠲᠠᠢ ᠪᠣᠯᠪᠠᠴᠤ ᠵᠣᠬᠢᠬᠤ ᠬᠡᠮᠵᠢᠶᠡᠨ ᠤ ᠰᠤᠷᠤᠯᠴᠠᠬᠤ ᠴᠢᠳᠠᠪᠤᠷᠢ ᠪᠠ ᠥᠪᠡᠷ ᠢ ᠪᠠᠨ ᠬᠠᠷᠠᠭᠠᠯᠵᠠᠬᠤ ᠴᠢᠳᠠᠪᠤᠷᠢ ᠲᠠᠢ ᠪᠠᠶᠢᠪᠠᠯ ᠰᠤᠷᠭᠠᠭᠤᠯᠢ ᠶᠢᠨ ᠲᠣᠭᠤᠷᠢᠭ ᠢᠶᠠᠷ ᠬᠠᠷᠠᠭᠠᠯᠵᠠᠭᠰᠠᠨ ᠳᠤᠮᠳᠠᠳᠤ ᠪᠠᠭ᠎ᠠ ᠰᠤᠷᠭᠠᠭᠤᠯᠢ ᠳᠤ ᠨᠡᠷ᠎ᠡ ᠮᠡᠳᠡᠭᠦᠯᠵᠦ ᠡᠩ ᠤᠨ ᠠᠩᠭᠢ ᠶᠢ ᠳᠠᠭᠠᠵᠤ ᠰᠤᠷᠤᠯᠴᠠᠵᠤ ᠪᠣᠯᠣᠨ᠎ᠠ᠂ ᠰᠤᠷᠭᠠᠭᠤᠯᠢ ᠠᠴᠠ ᠬᠡᠦᠬᠡᠳ ᠢ ᠭᠡᠷ ᠲᠡᠭᠡᠨ ᠣᠷᠣᠭᠤᠯᠬᠤ ᠦᠭᠡᠢ ᠪᠠᠶᠢᠵᠤ ᠪᠣᠯᠬᠤ ᠦᠭᠡᠢ︔᠎  ᠬᠡᠷᠪᠡ ᠬᠡᠦᠬᠡᠳ ᠤᠨ ᠰᠤᠷᠤᠯᠭ᠎ᠠ ᠶᠢᠨ ᠬᠠᠷᠰᠢ ᠰᠠᠭᠠᠳ ᠲᠠᠢ ᠮᠥᠷᠲᠡᠭᠡᠨ ᠪᠡᠶ᠎ᠡ ᠪᠠᠨ ᠳᠠᠭᠠᠭᠠᠬᠤ ᠴᠢᠳᠠᠪᠤᠷᠢ ᠨᠢ ᠴᠦ ᠠᠨᠠᠢ ᠪᠠᠶᠢᠪᠠᠯ᠂ ᠠᠯᠠᠱᠠ ᠶᠢᠨ ᠣᠨᠴᠠᠭᠠᠶ ᠰᠤᠷᠭᠠᠨ ᠬᠥᠮᠦᠵᠢᠯ ᠤᠨ ᠰᠤᠷᠭᠠᠭᠤᠯᠢ ᠳᠤ ᠨᠡᠷ᠎ᠡ ᠮᠡᠳᠡᠭᠦᠯᠵᠦ ᠰᠤᠷᠤᠯᠴᠠᠭᠠᠷᠠᠶ︔᠎  ᠬᠡᠦᠬᠡᠳ ᠬᠥᠳᠡᠯᠵᠦ ᠪᠠᠷᠢᠬᠤ ᠳᠤ ᠳᠥᠭᠦᠮ ᠦᠭᠡᠢ ᠪᠣᠯᠪᠠᠴᠤ ᠵᠣᠬᠢᠬᠤ ᠬᠡᠮᠵᠢᠶᠡᠨ ᠤ ᠰᠤᠷᠤᠯᠴᠠᠬᠤ ᠴᠢᠳᠠᠪᠤᠷᠢ ᠲᠠᠢ ᠪᠣᠯ ᠭᠡᠷ ᠤᠨ ᠠᠬᠠᠮᠠᠳ ᠢᠶᠠᠨ ᠠᠯᠠᠱᠠ ᠶᠢᠨ ᠣᠨᠴᠠᠭᠠᠶ ᠰᠤᠷᠭᠠᠨ ᠬᠥᠮᠦᠵᠢᠯ ᠤᠨ ᠰᠤᠷᠭᠠᠭᠤᠯᠢ ᠳᠤ ᠤᠷᠢᠵᠤ ᠨᠡᠷ᠎ᠡ ᠮᠡᠳᠡᠭᠦᠯᠦᠭᠦᠯᠦᠨ᠎ᠡ᠂ ᠪᠢᠳᠡ ᠪᠠᠭᠰᠢ ᠨᠠᠷ ᠢ ᠰᠤᠷᠭᠠᠨ ᠬᠥᠮᠦᠵᠢᠯ ᠢ ᠭᠡᠷ ᠲᠤᠨᠢ ᠬᠦᠷᠭᠡᠬᠦ ᠠᠷᠭ᠎ᠠ ᠪᠠᠷ ᠳᠠᠮᠵᠢᠭᠤᠯᠤᠨ ᠬᠡᠦᠬᠡᠳ ᠤᠨ ᠰᠤᠷᠭᠠᠨ ᠬᠥᠮᠦᠵᠢᠯ ᠬᠦᠷᠲᠡᠬᠦ ᠡᠷᠬᠡ ᠠᠰᠢᠭ ᠢ ᠪᠠᠲᠤᠯᠠᠬᠤ ᠪᠠᠷ ᠲᠣᠬᠢᠷᠠᠭᠤᠯᠤᠨ᠎ᠠ᠃      ᠁
 
ᠢᠷᠡᠯᠲᠡ᠄ ᠠᠯᠠᠱᠠ ᠵᠡᠭᠦᠨ ᠬᠤᠰᠢᠭᠤᠨ ᠤ ᠵᠠᠰᠠᠭ ᠤᠨ ᠣᠷᠳᠣᠨ ᠤ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号