ᠥᠨᠳᠡᠭᠡᠨ ᠳᠡᠭᠳᠡᠭᠡᠬᠡᠢ
ᠨᠡᠶᠢᠲᠡᠯᠡᠭᠰᠡᠨ ᠴᠠᠭ᠄
2024/9/10
                 ︵᠎ 1.3 ᠳ᠋ᠦᠩᠰᠢᠭᠤᠷ ᠶᠤᠸᠠᠨ ︶      ︽ᠥᠨᠳᠡᠭᠡᠨ ᠳᠡᠭᠳᠡᠭᠡᠬᠡᠢ ᠢ ︾᠎ ᠨᠢ ᠮᠠᠨ ᠤ ᠤᠯᠤᠰ ᠤᠨ ᠳᠥᠷᠪᠡᠨ ᠭᠠᠶᠢᠬᠠᠮᠰᠢᠭᠲᠤ ᠴᠢᠯᠠᠭᠤᠨ ᠳᠤᠷᠠᠰᠬᠠᠯ ᠤᠨ ᠨᠢᠭᠡ ᠪᠥᠭᠡᠳ ᠭᠤᠪᠢ ᠶᠢᠨ ᠮᠠᠨᠤ ᠴᠢᠯᠠᠭᠤᠨ ᠠᠴᠠ ᠪᠦᠲᠦᠭᠰᠡᠨ ᠪᠠᠶᠢᠨ᠎ᠠ ᠃ ᠤᠳᠤ ᠡᠨᠡ ᠴᠢᠯᠠᠭᠤ ᠪᠡᠭᠡᠵᠢᠩ ᠳᠤ ᠬᠠᠳᠠᠭᠠᠯᠠᠭᠳᠠᠵᠤ ᠪᠠᠶᠢᠨ᠎ᠠ ᠃ ᠪᠠᠶᠢᠭᠠᠯᠢ ᠶᠢᠨ ᠮᠠᠨᠤ ᠴᠢᠯᠠᠭᠤᠨ ᠠᠴᠠ ᠪᠦᠲᠦᠭᠰᠡᠨ ᠡᠨᠡ ᠭᠠᠶᠢᠬᠠᠮᠰᠢᠭᠲᠤ ᠴᠢᠯᠠᠭᠤ ᠨᠢ ᠶᠠᠭ ᠯᠡ ᠵᠥᠭᠡᠯᠡᠨ ᠰᠢᠷᠭᠠᠯ ᠥᠳᠥ ᠲᠠᠢ ᠳᠡᠭᠳᠡᠭᠡᠬᠡᠢ ᠥᠨᠳᠡᠭᠡᠨ ᠤ ᠬᠠᠯᠢᠰᠤᠨ ᠠᠴᠠ ᠲᠣᠯᠣᠭᠠᠢ ᠪᠠᠨ ᠰᠤᠩᠭᠠᠨ ᠭᠠᠳᠠᠭᠤᠷ ᠬᠠᠷᠠᠵᠤ ᠪᠠᠶᠢᠭ᠎ᠠ ᠮᠡᠲᠦ ᠪᠠᠶᠢᠵᠤ᠂ ᠪᠡᠶ᠎ᠡ ᠶᠢᠨ ᠬᠡᠰᠡᠭ ᠤᠳ ᠨᠢ ᠪᠣᠳᠠᠲᠤ ᠪᠠᠶᠢᠳᠠᠯ ᠲᠠᠢ ᠲᠤᠩ ᠠᠳᠠᠯᠢ ᠪᠥᠭᠡᠳ ᠳᠡᠭᠳᠡᠭᠡᠬᠡᠢ ᠶᠢᠨ ᠬᠠᠷᠠᠴᠠ ᠂ ᠨᠠᠷᠢᠨ ᠤᠯᠠᠭᠠᠨ ᠬᠤᠰᠢᠭᠤ ᠂ ᠪᠣᠳᠠᠲᠤ ᠮᠡᠲᠦ ᠥᠩᠭᠡᠯᠢᠭ ᠥᠨᠳᠡᠭᠡᠨ ᠤ ᠬᠠᠯᠢᠰᠤ ᠨᠢ ᠬᠥᠮᠥᠰ ᠤᠨ ᠲᠥᠰᠥᠭᠡᠯᠡᠯ ᠢ ᠶᠡᠬᠡᠳᠡ ᠥᠷᠭᠡᠵᠢᠭᠦᠯᠳᠡᠭ ᠃ ᠲᠡᠭᠦᠨ ᠤ ᠠᠮᠢᠳᠤ ᠮᠡᠲᠦ ᠬᠠᠷᠠᠴᠠᠨ ᠠᠴᠠ ᠳᠡᠭᠳᠡᠭᠡᠬᠡᠢ ᠠᠩᠬ᠎ᠠ ᠤᠳᠠᠭ᠎ᠠ ᠭᠠᠳᠠᠨᠠᠬᠢ ᠶᠢᠷᠲᠢᠨᠴᠦ ᠶᠢ ᠬᠠᠷᠠᠨ ᠭᠠᠶᠢᠬᠠᠵᠤ ᠪᠤᠢ ᠰᠡᠳᠬᠢᠯ ᠬᠥᠳᠡᠯᠦᠯ ᠢ ᠲᠥᠰᠥᠭᠡᠯᠡᠵᠦ ᠪᠣᠯᠬᠤ ᠪᠣᠢ᠃ ᠮᠠᠭᠠᠳ ᠦᠭᠡᠢ ᠲᠡᠷᠡ ᠥᠪᠡᠷ ᠤᠨ ᠠᠬ᠎ᠠ ᠳᠡᠭᠦᠦᠰ ᠢ ᠬᠠᠶᠢᠵᠤ ᠂ ᠭᠠᠳᠠᠭᠰᠢ ᠭᠠᠷᠤᠭᠰᠠᠨ ᠳᠡᠭᠳᠡᠭᠡᠬᠡᠢ ᠶᠢᠨ ᠬᠤᠭᠤᠯᠠ ᠬᠠᠶᠢᠵᠤ ᠪᠤᠢ ᠶᠢ ᠠᠵᠢᠭᠯᠠᠵᠤ ᠪᠠᠶᠢᠭ᠎ᠠ ᠡᠰᠡᠪᠡᠯ ᠰᠠᠶ᠋ᠢᠬᠠᠨ ᠥᠨᠳᠡᠭᠡ ᠠᠴᠠ ᠭᠠᠷᠤᠭᠰᠠᠨ ᠥᠭᠡᠷ᠎ᠡ ᠨᠢᠭᠡᠨ ᠳᠡᠭᠳᠡᠭᠡᠬᠡᠢ ᠶᠢᠨ ᠬᠥᠭᠡᠷᠦᠬᠦᠨ ᠲᠥᠷᠬᠦ ᠶᠢ ᠬᠠᠷᠠᠵᠤ ᠪᠠᠶᠢᠭ᠎ᠠ ᠪᠠᠶᠢᠵᠤ ᠮᠠᠭᠠᠳ ᠦᠭᠡᠢ ᠃ ᠡᠰᠡᠪᠡᠯ ᠡᠬᠡ ᠶᠢ ᠪᠠᠨ ᠭᠤᠷᠢᠳᠠᠨ ᠬᠠᠷᠠᠵᠤ ᠪᠠᠶᠢᠭ᠎ᠠ ᠮᠡᠲᠦ ᠰᠡᠳᠬᠢᠭᠳᠡᠯ ᠲᠥᠷᠥᠭᠦᠯᠳᠡᠭ ᠃ ᠡᠶᠢᠮᠦ ᠠᠮᠢᠳᠤ ᠂ ᠬᠥᠭᠵᠢᠯ ᠲᠠᠢ ᠂ ᠥᠬᠦᠭᠡᠷᠳᠡᠮ᠎ᠡ ᠳᠦᠷᠰᠦᠯᠡᠯ ᠠᠴᠠ ᠬᠠᠷᠠᠬᠤ ᠳᠤ ᠡᠨᠡ ᠨᠢ ᠴᠢᠯᠠᠭᠤ ᠭᠡᠳᠡᠭ ᠲᠤ ᠢᠲᠡᠭᠡᠬᠦ ᠳᠤ ᠪᠡᠷᠬᠡ ᠃
     ᠡᠨᠡ ᠬᠦ ᠪᠠᠶᠢᠭᠠᠯᠢ ᠶᠢᠨ ᠮᠠᠨᠤ ᠴᠢᠯᠠᠭᠤ ᠨᠢ ᠥᠪᠥᠷ ᠮᠣᠩᠭᠤᠯ ᠤᠨ ᠠᠯᠠᠱᠠ ᠵᠡᠭᠦᠨ ᠬᠤᠰᠢᠭᠤᠨ ᠤ ᠮᠠᠨᠤ ᠠᠭᠤᠯᠠ ᠶᠢᠨ ᠣᠷᠴᠢᠮ ᠠᠴᠠ ᠣᠯᠳᠠᠭᠰᠠᠨ ᠪᠥᠭᠡᠳ ᠬᠡᠮᠵᠢᠶ᠎ᠡ ᠨᠢ ᠭᠠᠷ ᠤᠨ ᠠᠯᠠᠭᠠᠨ ᠴᠢᠨᠡᠭᠡᠨ ᠵᠢᠵᠢᠭᠬᠡᠨ ᠂ ᠵᠢᠩ ᠨᠢ 92 ᠭᠷᠡᠮ ᠶᠤᠮ ᠃ ᠠᠩᠬᠠᠨ ᠤ ᠡᠵᠡᠮᠰᠢᠭᠴᠢ ᠪᠣᠯᠬᠤ ᠵᠠᠩ ᠵᠢᠩ 2005 ᠣᠨ ᠳᠤ ᠡᠭᠦᠨ ᠢ 5 ᠰᠠᠶ᠎ᠠ ᠭᠠᠷᠤᠢ ᠶᠤᠸᠠᠨ ᠢᠶᠠᠷ ᠪᠡᠭᠡᠵᠢᠩ ᠤᠨ ᠴᠣᠣ ᠶᠠᠩ ᠳᠡᠭᠦᠷᠭᠡ ᠶᠢᠨ ᠵᠠᠰᠠᠭ ᠵᠠᠬᠢᠷᠭᠠᠨ ᠳᠤ ᠬᠤᠳᠠᠯᠳᠤᠭᠰᠠᠨ ᠃ ᠤᠳᠤ ᠮᠠᠨ ᠤ ᠤᠯᠤᠰ ᠤᠨ ᠳᠥᠷᠪᠡᠨ ᠭᠠᠶᠢᠬᠠᠮᠰᠢᠭᠲᠤ ᠴᠢᠯᠠᠭᠤᠨ ᠳᠤᠷᠠᠰᠬᠠᠯ ᠤᠨ ᠨᠢᠭᠡ ᠭᠡᠵᠦ ᠲᠣᠭᠠᠴᠠᠭᠳᠠᠳᠠᠭ ᠪᠥᠭᠡᠳ ᠮᠡᠷᠭᠡᠵᠢᠯᠲᠡᠨ ᠨᠦᠭᠦᠳ ᠤᠨ ᠦᠨᠡᠯᠡᠭᠡ ᠪᠠᠷ ᠡᠨᠡ ᠴᠢᠯᠠᠭᠤᠨ ᠤ ᠦᠨ᠎ᠡ 1.3 ᠳ᠋ᠦᠩᠰᠢᠭᠤᠷ ᠶᠤᠸᠠᠨ ᠳᠤ ᠬᠦᠷᠳᠡᠭ ᠃
         
 
ᠢᠷᠡᠯᠲᠡ᠄ ᠠᠯᠠᠱᠠ ᠵᠡᠭᠦᠨ ᠬᠤᠰᠢᠭᠤᠨ ᠤ ᠵᠠᠰᠠᠭ ᠤᠨ ᠣᠷᠳᠣᠨ ᠤ ᠮᠣᠩᠭᠤᠯ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号