︽ᠣᠨ ᠰᠠᠷ᠎ᠠ ︾
ᠨᠡᠶᠢᠲᠡᠯᠡᠭᠰᠡᠨ ᠴᠠᠭ᠄
2024/9/10
           ᠎ ︵᠎ 1 ᠳ᠋ᠦᠩᠰᠢᠭᠤᠷ ᠶᠤᠸᠠᠨ ︶      ︽ᠣᠨ ᠰᠠᠷ᠎ᠠ ︾᠎ ᠨᠢ ᠭᠤᠪᠢ ᠶᠢᠨ ᠴᠢᠯᠠᠭᠤᠨ ᠤ ᠲᠥᠷᠥᠯ ᠳᠤ ᠬᠠᠮᠤᠷᠤᠭᠳᠠᠬᠤ ᠪᠥᠭᠡᠳ ᠮᠠᠨ ᠤ ᠤᠯᠤᠰ ᠤᠨ ᠳᠥᠷᠪᠡᠨ ᠭᠠᠶᠢᠬᠠᠮᠰᠢᠭᠲᠤ ᠴᠢᠯᠠᠭᠤᠨ ᠤ ᠨᠢᠭᠡ ᠶᠤᠮ ᠃ ᠡᠨᠡ ᠬᠦ ᠭᠠᠶᠢᠬᠠᠮᠰᠢᠭᠲᠤ ᠴᠢᠯᠠᠭᠤ ᠨᠢ ᠨᠠᠰᠤᠨ ᠳᠤ ᠬᠦᠷᠦᠭᠰᠡᠨ ᠬᠥᠮᠥᠨ ᠤ ᠭᠠᠷ ᠤᠨ ᠠᠯᠠᠭᠠᠨ ᠤ ᠬᠡᠮᠵᠢᠶ᠎ᠡ ᠲᠠᠢ ᠪᠥᠭᠡᠳ ᠬᠥᠭᠰᠢᠨ ᠡᠮᠡᠭᠲᠡᠢ ᠶᠢᠨ ᠨᠢᠭᠤᠷ ᠤᠨ ᠳᠦᠷᠢ ᠲᠥᠷᠬᠦ ᠲᠠᠢ ᠃ ᠬᠠᠮᠠᠷ ᠂ ᠠᠮᠠ ᠂ ᠳᠤᠬᠤᠨ ᠳᠡᠭᠡᠷᠡᠬᠢ ᠦᠷᠴᠢᠯᠡᠭᠡ ᠂ ᠦᠰᠦ ᠨᠢ ᠶᠠᠭ ᠯᠡ ᠠᠮᠢᠳᠤ ᠬᠥᠮᠦᠨ ᠰᠢᠭ ᠬᠠᠷᠠᠭᠳᠠᠳᠠᠭ ᠃ ᠡᠨᠡ ᠴᠢᠯᠠᠭᠤ ᠨᠢ 200 ᠰᠠᠶ᠎ᠠ ᠵᠢᠯ ᠤᠨ ᠡᠮᠦᠨᠡᠬᠢ ᠭᠠᠯᠲᠤ ᠠᠭᠤᠯᠠ ᠶᠢᠨ ᠳᠡᠯᠪᠡᠷᠡᠯᠲᠡ ᠶᠢᠨ ᠪᠦᠰᠡ ᠠᠴᠠ ᠣᠯᠳᠠᠭᠰᠠᠨ ᠪᠥᠭᠡᠳ ᠴᠠᠭ ᠬᠤᠭᠤᠴᠠᠭᠠᠨ ᠤ ᠤᠷᠲᠤ ᠳᠤ ᠡᠯᠡᠭᠳᠡᠵᠦ ᠂ ᠭᠤᠷᠪᠠᠨ ᠥᠩᠭᠡ ᠶᠢᠨ ᠮᠠᠨᠤ ᠴᠢᠯᠠᠭᠤ ᠪᠠᠷ ᠨᠢᠭᠤᠷ ᠤᠨ ᠲᠥᠷᠬᠦ ᠨᠢ ᠪᠦᠷᠢᠯᠳᠦᠨ ᠲᠣᠭᠲᠠᠵᠤ ᠂ ᠬᠠᠷ᠎ᠠ ᠮᠠᠨᠤ ᠴᠢᠯᠠᠭᠤ ᠪᠠᠷ ᠲᠠᠪᠤᠨ ᠮᠡᠳᠡᠷᠡᠬᠦᠢ ᠶᠢ ᠳᠦᠷᠰᠦᠯᠡᠭᠰᠡᠨ ᠪᠠᠶᠢᠳᠠᠭ ᠃ ᠴᠢᠯᠠᠭᠤᠨ ᠤ ᠳᠦᠷᠰᠦᠯᠡᠯ ᠨᠢ ᠡᠨᠡᠷᠢᠩᠭᠦᠢ ᠂ ᠲᠠᠶᠢᠪᠤᠩ ᠬᠥᠭᠰᠢᠨ ᠡᠮᠡᠭᠲᠡᠢ ᠶᠢᠨ ᠲᠥᠷᠬᠦ ᠲᠠᠢ ᠲᠤᠩ ᠭᠠᠶᠢᠬᠠᠯᠲᠠᠢ ᠵᠣᠬᠢᠴᠠᠭᠰᠠᠨ ᠃ ᠣᠳᠣ ᠪᠠᠷ ᠡᠨᠡ ᠬᠦ ᠴᠢᠯᠠᠭᠤ ᠨᠢ ᠨᠢᠩᠰᠢᠶᠠ ᠮᠤᠵᠢ ᠶᠢᠨ ᠢᠷᠭᠠᠢ ᠬᠤᠲᠠ ᠳᠤ ᠠᠮᠢᠳᠤᠷᠠᠳᠠᠭ ᠵᠣᠣ ᠣᠪᠣᠭ ᠲᠤ ᠴᠤᠭᠯᠠᠭᠤᠯᠤᠭᠴᠢ ᠶᠢᠨ ᠡᠵᠡᠮᠰᠢᠯ ᠳᠤ ᠪᠠᠶᠢᠭ᠎ᠠ ᠪᠥᠭᠡᠳ ᠮᠡᠷᠭᠡᠵᠢᠯᠲᠡᠨ ᠨᠦᠭᠦᠳ ᠤᠨ ᠦᠨᠡᠯᠡᠭᠡ ᠪᠠᠷ ᠦᠨ᠎ᠡ ᠨᠢ 1 ᠳ᠋ᠦᠩᠰᠢᠭᠤᠷ ᠶᠤᠸᠠᠨ ᠳᠤ ᠬᠦᠷᠴᠡᠢ ᠃
 
ᠢᠷᠡᠯᠲᠡ᠄ ᠠᠯᠠᠱᠠ ᠵᠡᠭᠦᠨ ᠬᠤᠰᠢᠭᠤᠨ ᠤ ᠵᠠᠰᠠᠭ ᠤᠨ ᠣᠷᠳᠣᠨ ᠤ ᠮᠣᠩᠭᠤᠯ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号