| ᠠᠯᠠᠱᠠ ᠬᠤᠰᠢᠭᠤ ᠪᠠᠶᠢᠭᠤᠯᠤᠭᠳᠠᠭᠰᠠᠨ ᠤ ᠠᠩᠬᠠᠨ ᠤ ᠦᠶ᠎ᠡ ᠳᠤ ᠠᠷᠪᠠᠳᠤ ᠶᠢᠨ ᠳᠦᠷᠢᠮ ᠢ | ᠭᠡᠷᠡᠭᠵᠢᠬᠦᠯᠵᠤ ᠪᠠᠶᠢᠭᠰᠠᠨ ᠢᠶᠠᠨ ᠰᠡᠬᠦᠯᠡᠷ ᠨᠢ ᠨᠡᠢᠮᠠᠨ ᠰᠤᠮᠤ ᠶᠢᠨ ᠳᠦᠷᠢᠮ ᠢ ᠭᠡᠷᠡᠭᠵᠢᠬᠦᠯᠵᠤ᠂ ᠰᠤᠮᠤᠨ ᠵᠠᠩᠭᠢ ᠪᠠᠷ | ᠳᠠᠷᠤᠭᠠᠯᠠᠭᠤᠯᠳᠠᠭ ᠪᠠᠶᠢᠵᠠᠢ᠃ ᠰᠤᠮᠤ ᠪᠤᠯ ᠬᠤᠰᠢᠭᠤᠨ ᠤ ᠳᠤᠳᠤᠷᠠᠭᠢ ᠴᠡᠷᠢᠭ ᠤᠨ ᠶᠠᠪᠤᠳᠠᠯ ᠪᠠ ᠵᠠᠰᠠᠭ | ᠵᠠᠭᠢᠷᠭ᠎ᠠ ᠶᠢ ᠤᠶᠠᠯᠳᠤᠭᠤᠯᠤᠭᠰᠠᠨ ᠦᠨᠳᠤᠰᠤᠨ ᠨᠢᠭᠡᠴᠢ ᠪᠤᠯᠬᠤ ᠤᠴᠢᠷ ᠠᠴᠠ ᠰᠤᠮᠤᠨ ᠵᠠᠩᠭᠢ ᠦᠪᠡᠷ ᠦᠪᠡᠷ ᠤᠨ | ᠰᠤᠮᠤᠨ ᠤ ᠪᠠᠨ ᠬᠠᠤᠯᠢ ᠴᠠᠭᠠᠵᠠ᠂ ᠠᠯᠪᠠᠨ ᠳᠦᠰᠢᠮᠠᠯ᠂ ᠴᠡᠷᠢᠭ ᠡᠷᠡᠴᠤᠳ ᠤᠨ ᠵᠤᠭᠢᠶᠠᠨ ᠪᠠᠶᠢᠭᠤᠯᠤᠯᠳᠠ ᠵᠡᠷᠭᠡ ᠶᠢ | ᠭᠢᠨᠠᠨ ᠬᠦᠢᠴᠡᠳᠭᠡᠬᠦ᠂ ᠭᠠᠶᠢᠯᠢ ᠳᠠᠳᠠᠪᠤᠷᠢ ᠬᠤᠷᠢᠶᠠᠬᠤ᠂ ᠭᠤᠷᠪᠠᠨ ᠵᠢᠯ ᠳᠤ ᠨᠢᠭᠡ ᠤᠳᠠᠭ᠎ᠠ ᠡᠷᠤᠭᠡ ᠠᠮᠠ | ᠪᠠᠶᠢᠴᠠᠭᠠᠬᠤ ᠮᠡᠳᠤ ᠶᠢᠨ ᠠᠵᠢᠯ ᠤᠳ ᠢ ᠪᠤᠳᠠᠳᠠᠢ ᠬᠠᠷᠢᠭᠤᠴᠠᠵᠤ ᠪᠠᠶᠢᠳᠠᠭ᠃ ᠰᠤᠮᠤᠨ ᠵᠠᠩᠭᠢ ᠶᠢᠨ ᠳᠤᠰᠢᠶᠠᠯ ᠢ | ᠰᠤᠯᠠ ᠳᠠᠶᠢᠵᠢ ᠶᠢᠨ ᠳᠤᠳᠤᠷ᠎ᠠ ᠠᠴᠠ ᠰᠢᠯᠢᠨ ᠳᠤᠮᠢᠯᠠᠳᠠᠭ᠃ | |