ᠭᠠᠭ᠋ᠠᠢ ᠶᠢᠨ ᠮᠢᠬᠠᠨ ᠴᠢᠯᠠᠭᠤ
ᠨᠡᠶᠢᠲᠡᠯᠡᠭᠰᠡᠨ ᠴᠠᠭ᠄
2024/9/10
     ᠭᠠᠭ᠋ᠠᠢ ᠶᠢᠨ ᠮᠢᠬᠠᠨ ᠴᠢᠯᠠᠭᠤ ᠨᠢ ᠪᠠᠶᠢᠭᠠᠯᠢ ᠶᠢᠨ ᠮᠠᠨᠤ ᠴᠢᠯᠠᠭᠤ ᠪᠥᠭᠡᠳ ᠥᠪᠥᠷ ᠮᠣᠩᠭᠤᠯ ᠤᠨ ᠠᠯᠠᠱᠠ ᠵᠡᠭᠦᠨ ᠬᠤᠰᠢᠭᠤᠨ ᠠᠴᠠ ᠭᠠᠷᠤᠯᠲᠠᠢ ᠃ ᠡᠨᠡ ᠬᠦ ᠴᠢᠯᠠᠭᠤ ᠨᠢ ᠴᠢᠩ ᠭᠦᠷᠦᠨ ᠤ ᠡᠩᠬᠡ ᠠᠮᠤᠭᠤᠯᠠᠩ ᠬᠠᠭᠠᠨ ᠤ ᠦᠶ᠎ᠡ ᠳᠤ ︵ 1697 ᠣᠨ ︶ ᠬᠠᠭᠠᠨ ᠤ ᠣᠷᠳᠣᠨ ᠳᠤ ᠡᠷᠭᠦᠵᠦ ᠪᠠᠶᠢᠭᠰᠠᠨ ᠪᠥᠭᠡᠳ ᠣᠳᠣ ᠪᠠᠷ ᠲᠠᠶᠢᠪᠧᠢ ᠳᠠᠬᠢ ᠦᠨᠳᠦᠰᠦᠨ ᠤ ᠣᠷᠳᠣᠨ ᠤ ᠮᠦᠽᠧᠢ ᠳᠤ ᠬᠠᠳᠠᠭᠠᠯᠠᠭᠳᠠᠵᠤ ᠪᠠᠶᠢᠨ᠎ᠠ ᠃      ᠭᠠᠭ᠋ᠠᠢ ᠶᠢᠨ ᠮᠢᠬᠠᠨ ᠤ ᠬᠡᠯᠪᠡᠷᠢᠲᠡᠢ ᠴᠢᠯᠠᠭᠤᠨ ᠤ ᠥᠨᠳᠥᠷ ᠨᠢ 5.73 ᠰᠡᠨᠲ᠋ᠢᠮᠧᠲᠷ ᠂ ᠥᠷᠭᠡᠨ ᠨᠢ 6.6 ᠰᠡᠨᠲ᠋ᠢᠮᠧᠲᠷ ᠂ ᠵᠤᠵᠠᠭᠠᠨ ᠨᠢ 5.3 ᠰᠡᠨᠲ᠋ᠢᠮᠧᠲᠷ ᠪᠥᠭᠡᠳ ᠮᠢᠬᠠᠯᠢᠭ ᠂ ᠲᠣᠳᠣ ᠪᠦᠲᠦᠴᠡ ᠲᠠᠢ ᠲᠤᠯᠠ ᠬᠠᠷᠠᠬᠤ ᠳᠤ ᠠᠮᠲᠠᠲᠠᠢ ᠬᠠᠷᠠᠭᠳᠠᠳᠠᠭ ︽ᠭᠠᠭ᠋ᠠᠢ ᠶᠢᠨ ᠮᠢᠬ᠎ᠠ ︾ ᠰᠢᠭ ᠪᠠᠶᠢᠳᠠᠭ ᠤᠴᠢᠷ ᠠᠴᠠ ᠡᠶᠢᠮᠦ ᠨᠡᠷ᠎ᠡ ᠲᠠᠢ ᠪᠣᠯᠵᠠᠢ ᠃ ᠡᠨᠡ ᠬᠦ ᠴᠢᠯᠠᠭᠤ ᠨᠢ ᠮᠠᠨ ᠤ ᠤᠯᠤᠰ ᠤᠨ ᠳᠥᠷᠪᠡᠨ ᠭᠠᠶᠢᠬᠠᠮᠰᠢᠭᠲᠤ ᠴᠢᠯᠠᠭᠤᠨ ᠤ ᠨᠢᠭᠡ ᠲᠡᠳᠦᠢ ᠦᠭᠡᠢ ᠲᠠᠶᠢᠪᠧᠢ ᠦᠨᠳᠦᠰᠦᠨ ᠤ ᠣᠷᠳᠣᠨ ᠤ ᠮᠦᠽᠧᠢ ᠶᠢᠨ ︽ᠭᠤᠷᠪᠠᠨ ᠭᠤᠣᠯ ᠦᠨᠡᠲᠦ ᠡᠳ᠋ᠯᠡᠯ ︾ ᠤᠨ ᠨᠢᠭᠡ ᠶᠤᠮ ᠃      ᠭᠠᠭ᠋ᠠᠢ ᠶᠢᠨ ᠮᠢᠬᠠᠨ ᠴᠢᠯᠠᠭᠤ ᠨᠢ ᠬᠡᠳᠦᠨ ᠰᠠᠶ᠎ᠠ ᠵᠢᠯ ᠤᠨ ᠡᠮᠦᠨ᠎ᠡ ᠭᠠᠯᠲᠤ ᠠᠭᠤᠯᠠ ᠶᠢᠨ ᠳᠡᠯᠪᠡᠷᠡᠯᠲᠡ ᠶᠢᠨ ᠦᠷ᠎ᠡ ᠳ᠋ᠦᠩ ᠳᠤ ᠪᠤᠢ ᠪᠣᠯᠣᠭᠰᠠᠨ ᠴᠢᠯᠠᠭᠤᠯᠢᠭ ᠤᠨ ᠨᠢᠭᠡ ᠬᠡᠰᠡᠭ ᠪᠥᠭᠡᠳ ᠴᠠᠭ ᠬᠤᠭᠤᠴᠠᠭᠠᠨ ᠤ ᠶᠠᠪᠤᠴᠠ ᠳᠤ ᠭᠠᠵᠠᠷ ᠵᠦᠢ ᠶᠢᠨ ᠥᠭᠡᠷᠡᠴᠢᠯᠡᠯᠲᠡ ᠂ ᠪᠠᠶᠢᠭᠠᠯᠢ ᠶᠢᠨ ᠨᠥᠯᠥᠭᠡᠨ ᠳᠤ ᠡᠯᠡᠭᠳᠡᠵᠦ ᠂ ᠭᠠᠶᠢᠬᠠᠮᠰᠢᠭᠲᠤ ᠮᠠᠨᠤ ᠴᠢᠯᠠᠭᠤ ᠪᠣᠯᠣᠭᠰᠠᠨ ᠃ 1697 ᠣᠨ ᠳᠤ ᠠᠯᠠᠱᠠ ᠬᠤᠱᠣᠳ ᠬᠤᠰᠢᠭᠤ ᠪᠠᠶᠢᠭᠤᠯᠤᠭᠳᠠᠭᠰᠠᠨ ᠠᠴᠠ ᠬᠤᠶᠢᠰᠢ ᠴᠢᠩ ᠭᠦᠷᠦᠨ ᠵᠢᠯ ᠪᠦᠷᠢ ᠶᠢᠨ ᠡᠪᠦᠯ ᠤᠨ ᠰᠡᠭᠦᠯᠴᠢ ᠪᠠᠷ ᠣᠷᠣᠨ ᠨᠤᠲᠤᠭ ᠠᠴᠠ ᠬᠠᠭᠠᠨ ᠤ ᠣᠷᠳᠣᠨ ᠳᠤ ᠦᠨᠡᠲᠦ ᠴᠢᠯᠠᠭᠤ ᠂ ᠮᠠᠨᠤ ᠴᠢᠯᠠᠭᠤ ᠵᠡᠷᠭᠡ ᠶᠢ ᠡᠷᠭᠦᠬᠦ ᠡᠭᠦᠷᠭᠡ ᠲᠠᠢ ᠪᠠᠶᠢᠭᠰᠠᠨ ᠃ ᠲᠤᠬᠠᠢ ᠶᠢᠨ ᠦᠶ᠎ᠡ ᠳᠤ ᠭᠠᠭ᠋ᠠᠢ ᠶᠢᠨ ᠮᠢᠬᠠᠨ ᠴᠢᠯᠠᠭᠤ ᠶᠢ ᠬᠤᠶᠠᠳᠤᠭᠠᠷ ᠦᠶ᠎ᠡ ᠶᠢᠨ ᠸᠠᠩ ᠠᠪᠤᠤ ᠨᠣᠶᠠᠨ ᠤ ᠣᠷᠳᠣᠨ ᠳᠤ ᠡᠷᠭᠦᠭᠰᠡᠨ ᠪᠥᠭᠡᠳ ᠨᠠᠶᠢᠷᠠᠯᠲᠤ ᠲᠥᠪ ᠬᠠᠭᠠᠨ ᠤᠭ ᠴᠢᠯᠠᠭᠤ ᠶᠢ ᠦᠵᠡᠭᠡᠳ ᠶᠡᠬᠡᠳᠡ ᠲᠠᠭᠠᠯᠠᠭᠰᠠᠨ ᠲᠤᠯᠠ ᠠᠪᠤᠤ ᠨᠣᠶᠠᠨ ᠢ ᠶᠡᠭᠡ ᠪᠠᠷ ᠱᠠᠩᠨᠠᠵᠠᠢ ᠃      1925 ᠣᠨ ᠳᠤ ᠣᠷᠳᠣᠨ ᠤ ᠮᠦᠽᠧᠢ ᠶᠢ ᠪᠠᠶᠢᠭᠤᠯᠵᠤ ᠂ ᠲᠡᠨᠳᠡ ᠭᠠᠭ᠋ᠠᠢ ᠶᠢᠨ ᠮᠢᠬᠠᠨ ᠴᠢᠯᠠᠭᠤ ᠶᠢ ᠨᠡᠶᠢᠲᠡ ᠳᠤ ᠦᠵᠡᠭᠦᠯᠬᠦ ᠪᠣᠯᠣᠮᠵᠢ ᠲᠠᠢ ᠪᠣᠯᠣᠭᠰᠠᠨ ᠃      1931 ᠣᠨ ᠳᠤ ᠶᠠᠫᠤᠨ ᠤ ᠡᠵᠡᠷᠬᠡᠭ ᠲᠦᠷᠢᠮᠡᠬᠡᠶᠢᠲᠡᠳ ᠮᠠᠨ ᠤ ᠤᠯᠤᠰ ᠤᠨ ᠤᠮᠠᠷᠠᠲᠤ ᠨᠤᠲᠤᠭ ᠤᠷᠤᠭᠤ ᠳᠣᠪᠲᠣᠯᠵᠤ ᠡᠬᠢᠯᠡᠭᠰᠡᠨ ᠲᠤᠯᠠ ᠣᠷᠳᠣᠨ ᠤ ᠮᠦᠽᠧᠢ ᠶᠢᠨ ᠳᠠᠷᠤᠭ᠎ᠠ ᠭᠠᠭ᠋ᠠᠢ ᠶᠢᠨ ᠮᠢᠬᠠᠨ ᠴᠢᠯᠠᠭᠤ ᠪᠣᠯᠣᠨ ᠪᠤᠰᠤᠳ ᠦᠨᠡᠲᠦ ᠡᠳ᠋ᠯᠡᠯ ᠢ ᠨᠠᠨᠵᠢᠩ ᠤᠷᠤᠭᠤ ᠰᠢᠯᠵᠢᠭᠦᠯᠦᠭᠰᠡᠨ ᠃ 1949 ᠣᠨ ᠳᠤ ᠭᠤᠮᠢᠨᠳᠠᠩ ᠤᠨ ᠵᠠᠰᠠᠭ ᠤᠨ ᠭᠠᠵᠠᠷ 2979 ᠬᠠᠶᠢᠷᠴᠠᠭ ᠦᠨᠡᠲᠦ ᠡᠳ᠋ᠯᠡᠯ ᠂ ᠳᠤᠷᠠᠰᠬᠠᠯᠲᠤ ᠵᠦᠢᠯ ᠢ ᠲᠠᠶᠢᠸᠠᠨ ᠤᠷᠤᠭᠤ ᠨᠡᠭᠦᠯᠭᠡᠨ ᠰᠢᠯᠵᠢᠭᠦᠯᠵᠦ ᠂ ᠲᠡᠳᠡᠭᠡᠷ ᠤᠨ ᠳᠤᠮᠳᠠ ᠭᠠᠭ᠋ᠠᠢ ᠶᠢᠨ ᠮᠢᠬᠠᠨ ᠴᠢᠯᠠᠭᠤ ᠶᠢ ᠰᠣᠩᠭᠤᠨ ᠶᠠᠪᠤᠭᠤᠯᠵᠠᠢ ᠃ ᠢᠩᠭᠢᠭᠰᠡᠨ ᠢᠶᠠᠷ ᠭᠠᠭ᠋ᠠᠢ ᠶᠢᠨ ᠮᠢᠬᠠᠨ ᠴᠢᠯᠠᠭᠤ ᠨᠢ ᠲᠠᠶᠢᠸᠠᠨ ᠮᠤᠵᠢ ᠶᠢᠨ ᠲᠠᠶᠢᠪᠧᠢ ᠶᠢᠨ ᠮᠦᠽᠧᠢ ᠶᠢᠨ ︽ᠭᠤᠷᠪᠠᠨ ᠭᠤᠣᠯ ᠦᠨᠡᠲᠦ ᠡᠳ᠋ᠯᠡᠯ ︾ ᠤᠨ ᠨᠢᠭᠡ ᠪᠣᠯᠵᠤ ᠂ ᠠᠯᠲᠠ ᠪᠠᠷ ᠤᠷᠠᠯᠠᠭᠰᠠᠨ ᠰᠠᠭᠤᠷᠢᠨ ᠳᠡᠭᠡᠷ᠎ᠡ ᠲᠠᠯᠪᠢᠭᠳᠠᠨ ᠂ ᠣᠯᠠᠨ ᠨᠡᠶᠢᠲᠡ ᠶᠢᠨ ᠬᠦᠷᠲᠡᠭᠡᠯ ᠪᠣᠯᠣᠭᠰᠠᠨ ᠪᠠᠶᠢᠨ᠎ᠠ ᠃
     
 
ᠢᠷᠡᠯᠲᠡ᠄ ᠠᠯᠠᠱᠠ ᠵᠡᠭᠦᠨ ᠬᠤᠰᠢᠭᠤᠨ ᠤ ᠵᠠᠰᠠᠭ ᠤᠨ ᠣᠷᠳᠣᠨ ᠤ ᠮᠣᠩᠭᠤᠯ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号