ᠴᠢᠰᠤᠨ ᠰᠥᠰᠥ ᠲᠠᠢ ᠵᠢᠭᠠᠰᠤ ︵ 1.65 ᠳ᠋ᠦᠩᠰᠢᠭᠤᠷ ᠶᠤᠸᠠᠨ ︶
ᠨᠡᠶᠢᠲᠡᠯᠡᠭᠰᠡᠨ ᠴᠠᠭ᠄
2024/9/10
                      ᠴᠢᠰᠤᠨ ᠰᠥᠰᠥ ᠲᠠᠢ ᠵᠢᠭᠠᠰᠤ ᠨᠢ ᠥᠪᠥᠷ ᠮᠣᠩᠭᠤᠯ ᠤᠨ ᠠᠯᠠᠱᠠ ᠴᠥᠯ ᠤᠨ ᠪᠠᠶᠢᠭᠠᠯᠢ ᠶᠢᠨ ᠴᠡᠪᠡᠷ ᠴᠢᠯᠠᠭᠤᠨ ᠳᠤᠷᠠᠰᠬᠠᠯ ᠪᠣᠯᠬᠤ ᠦᠨᠡᠲᠡᠢ ᠭᠤᠶᠣᠮᠰᠤᠭ ᠬᠠᠭᠠᠰ ᠦᠨᠡᠲᠦ ᠴᠢᠯᠠᠭᠤ ᠪᠣᠯᠬᠤ ᠮᠠᠨᠤ ᠴᠢᠯᠠᠭᠤᠨ ᠠᠴᠠ ᠪᠦᠲᠦᠭᠰᠡᠨ ᠃ ᠲᠡᠭᠦᠨ ᠤ ᠭᠠᠶᠢᠬᠠᠯᠲᠠᠢ ᠲᠣᠳᠣ ᠥᠩᠭᠡ ᠂ ᠠᠮᠢᠳᠤ ᠮᠡᠲᠦ ᠳᠦᠷᠰᠦ ᠨᠢ ᠨᠢᠳᠦ ᠬᠤᠵᠢᠷᠯᠠᠳᠠᠭ ᠃ ᠴᠢᠯᠠᠭᠤᠨ ᠤ ᠳᠣᠲᠣᠷᠠᠬᠢ ᠣᠨᠴᠠᠭᠠᠢ ᠤᠯᠠᠭᠠᠨ ᠵᠦᠢᠯ ᠨᠢ ᠡᠷᠲᠡᠨ ᠠᠴᠠ ᠠᠷᠢᠭᠤᠨ ᠨᠠᠨᠳᠢᠨ ᠭᠡᠵᠦ ᠦᠵᠡᠭᠳᠡᠳᠡᠭ ᠴᠢᠰᠤᠨ ᠤ ᠰᠥᠰᠥ ᠶᠢ ᠠᠭᠤᠯᠤᠭᠰᠠᠨ ᠤᠴᠢᠷ ︽ᠴᠢᠰᠤᠨ ᠰᠥᠰᠥ ᠲᠠᠢ ᠵᠢᠭᠠᠰᠤ ︾ ᠬᠡᠮᠡᠨ ᠨᠡᠷᠡᠯᠡᠭᠳᠡᠭᠰᠡᠨ ᠃ ᠴᠢᠯᠠᠭᠤᠨ ᠵᠢᠭᠠᠰᠤᠨ ᠤ ᠨᠠᠷᠢᠨ ᠳᠦᠷᠰᠦᠯᠡᠯ ᠂ ᠢᠯᠠᠩᠭᠤᠶ᠎ᠠ ᠲᠣᠯᠣᠭᠠᠢ ᠬᠡᠰᠡᠭ ᠨᠢ ᠲᠣᠳᠣ ᠬᠠᠷᠠᠭᠳᠠᠳᠠᠭ ᠪᠥᠭᠡᠳ ᠭᠡᠷᠡᠯ ᠳᠤ ᠬᠠᠷᠠᠬᠤ ᠳᠤ ᠳᠣᠲᠤᠷ ᠡᠷᠬᠡᠲᠡᠨ ᠨᠦᠭᠦᠳ ᠨᠢ ᠠᠮᠢᠳᠤ ᠮᠡᠲᠦ ᠳᠦᠷᠰᠦᠯᠡᠭᠳᠡᠨ᠎ᠡ ᠃ ᠳᠣᠣᠷ᠎ᠠ ᠠᠴᠠ ᠨᠢ ᠬᠠᠷᠠᠬᠤ ᠳᠤ ᠤᠯᠠᠭᠠᠨ ᠰᠥᠰᠥ ᠨᠢ ᠪᠡᠶ᠎ᠡ ᠶᠢᠨ ᠬᠥᠨᠳᠡᠢ ᠳᠤ ᠪᠤᠶᠢᠵᠢᠵᠤ ᠪᠤᠢ ᠵᠢᠵᠢᠭ ᠤᠯᠠᠭᠠᠨ ᠵᠢᠭᠠᠰᠤᠨ ᠤ ᠳᠦᠷᠰᠦ ᠶᠢ ᠭᠠᠷᠭᠠᠨ ᠂ ᠲᠣᠯᠣᠭᠠᠢ ᠶᠢᠨ ᠬᠤᠶᠠᠷ ᠲᠠᠯ᠎ᠠ ᠳᠤ ᠬᠠᠷ᠎ᠠ ᠴᠡᠭ ᠤᠳ ᠨᠢ ᠪᠠᠶᠢᠭᠠᠯᠢ ᠶᠢᠨ ᠵᠢᠮ᠎ᠡ ᠪᠠᠷ ᠪᠦᠷᠢᠯᠳᠦᠨ ᠵᠢᠭᠠᠰᠤᠨ ᠤ ᠨᠢᠳᠦ ᠪᠣᠯᠵᠠᠢ ᠃ ᠡᠨᠡ ᠨᠢ ᠪᠠᠶᠢᠭᠠᠯᠢ ᠶᠢᠨ ᠭᠠᠶᠢᠬᠠᠮᠰᠢᠭ ᠢ ᠮᠡᠳᠡᠷᠡᠭᠦᠯᠬᠦ ᠠᠴᠠ ᠠᠷᠭ᠎ᠠ ᠦᠭᠡᠢ ᠪᠣᠯᠭᠠᠳᠠᠭ ᠃ ᠬᠤᠯᠪᠣᠭᠳᠠᠬᠤ ᠮᠡᠷᠭᠡᠵᠢᠯ ᠤᠨ ᠪᠠᠶᠢᠭᠤᠯᠭ᠎ᠠ ᠨᠤᠭᠤᠳ ᠤᠨ ᠦᠨᠡᠯᠡᠭᠡ ᠪᠠᠷ ᠂ ᠠᠯᠳᠠᠷᠲᠠᠢ ᠰᠢᠶᠠᠩᠭᠠᠩ ᠤᠨ ᠴᠤᠭᠯᠠᠭᠤᠯᠤᠭᠴᠢ ᠶᠢᠨ ᠥᠮᠴᠢ ᠪᠣᠯᠣᠭᠰᠠᠨ ᠡᠨᠡ ᠥᠪᠥᠷ ᠮᠣᠩᠭᠤᠯ ᠤᠨ ᠠᠯᠠᠱᠠ ᠴᠥᠯ ᠠᠴᠠ ᠣᠯᠳᠠᠭᠰᠠᠨ ᠂ ᠳᠣᠲᠣᠷ᠎ᠠ ᠨᠢ ᠴᠢᠰᠤᠨ ᠤ ᠤᠯᠠᠭᠠᠨ ᠰᠥᠰᠥ ᠠᠭᠤᠯᠤᠭᠰᠠᠨ ᠪᠠᠶᠢᠭᠠᠯᠢ ᠶᠢᠨ ᠴᠡᠪᠡᠷ ᠮᠠᠨᠤ ᠴᠢᠯᠠᠭᠤᠨ ᠤ ᠦᠨ᠎ᠡ 1.65 ᠳ᠋ᠦᠩᠰᠢᠭᠤᠷ ᠶᠤᠸᠠᠨ ᠢᠶᠠᠷ ᠦᠨᠡᠯᠡᠭᠳᠡᠵᠡᠢ ᠃
      ᠴᠢᠰᠤᠨ ᠤ ᠰᠥᠰᠥ ᠮᠠᠨᠤ ᠴᠢᠯᠠᠭᠤ ᠨᠢ ᠬᠤᠪᠣᠷ ᠪᠥᠭᠡᠳ ᠡᠷᠲᠡ ᠳᠡᠭᠡᠷ᠎ᠡ ᠦᠶ᠎ᠡ ᠳᠤ ᠠᠷᠢᠭᠤᠨ ᠳᠡᠭᠡᠳᠦ ᠰᠢᠲᠦᠭᠡᠨ ᠬᠡᠮᠡᠨ ᠰᠢᠲᠦᠵᠦ ᠢᠷᠡᠭᠰᠡᠨ ᠃ ᠪᠠᠶᠢᠭᠠᠯᠢ ᠣᠷᠴᠢᠨ ᠤ ᠮᠠᠰᠢ ᠬᠤᠪᠣᠷ ᠨᠥᠬᠦᠴᠡᠯ ᠳᠤ ᠪᠦᠷᠢᠯᠳᠦᠨ ᠲᠣᠭᠲᠠᠳᠠᠭ ᠤᠴᠢᠷ ᠠᠴᠠ ᠡᠭᠦᠨ ᠢ ᠪᠠᠶᠢᠭᠠᠯᠢ ᠶᠢᠨ ᠭᠠᠶᠢᠬᠠᠮᠰᠢᠭ ᠭᠡᠵᠦ ᠦᠵᠡᠳᠡᠭ ᠃       ᠴᠢᠰᠤᠨ ᠤ ᠰᠥᠰᠥ ᠮᠠᠨᠤ ᠴᠢᠯᠠᠭᠤᠨ ᠤ ᠲᠤᠬᠠᠢ ᠲᠠᠨᠢᠯᠴᠠᠭᠤᠯᠭ᠎ᠠ ᠄        ᠮᠠᠨᠤ ᠴᠢᠯᠠᠭᠤᠨ ᠤ ᠲᠥᠷᠥᠯ ᠄ ᠡᠨᠡ ᠴᠢᠯᠠᠭᠤ ᠨᠢ ᠳᠣᠲᠣᠷ᠎ᠠ ᠪᠠᠨ ᠲᠡᠮᠦᠷ ᠤᠨ ᠢᠶᠤᠨ ᠠᠭᠤᠯᠤᠭᠰᠠᠨ ᠠᠭᠤᠰᠤᠮᠠᠯ ᠡᠰᠡᠪᠡᠯ ᠬᠥᠨᠳᠡᠢ ᠲᠠᠯᠠᠰᠲᠤ ᠳᠣᠲᠣᠷ᠎ᠠ ᠤᠯᠠᠭᠠᠨ ᠥᠩᠭᠡ ᠲᠠᠢ ᠪᠣᠯᠵᠤ ᠬᠠᠷᠠᠭᠳᠠᠳᠠᠭ ᠃ ᠪᠠᠶᠢᠭᠠᠯᠢ ᠶᠢᠨ ᠮᠠᠰᠢ ᠬᠤᠪᠣᠷ ᠦᠵᠡᠭᠳᠡᠯ ᠤᠴᠢᠷ ᠠᠴᠠ ︽ᠤᠰᠤ ᠰᠥᠰᠥᠲᠦ ᠮᠠᠨᠤ ︾ ᠤ ᠨᠢᠭᠡ ᠬᠡᠯᠪᠡᠷᠢ ᠭᠡᠵᠦ ᠦᠵᠡᠳᠡᠭ ᠃       ᠰᠢᠶᠠᠩᠭᠠᠩ ᠤᠨ ᠮᠡᠷᠭᠡᠵᠢᠯᠲᠡᠨ ᠨᠦᠭᠦᠳ ᠤᠨ ᠬᠢᠭᠰᠡᠨ ᠦᠨᠡᠯᠡᠭᠡ ᠪᠠᠷ ᠡᠨᠡ ᠬᠦ ᠴᠢᠯᠠᠭᠤᠨ ᠤ ᠦᠨ᠎ᠡ 1.65 ᠳ᠋ᠦᠩᠰᠢᠭᠤᠷ ᠶᠤᠸᠠᠨ ᠳᠤ ᠬᠦᠷᠳᠡᠭ ᠭᠡᠵᠦ ᠦᠵᠡᠭᠰᠡᠨ ᠦᠨᠳᠦᠰᠦᠯᠡᠯ ᠄        ᠬᠡᠯᠪᠡᠷᠢ ᠶᠢᠨ ᠪᠦᠲᠦᠴᠡ ᠄ ᠴᠢᠯᠠᠭᠤᠨ ᠤ ᠪᠦᠬᠦ ᠬᠡᠰᠡᠭ ᠂ ᠳᠣᠲᠤᠷ ᠡᠷᠬᠡᠲᠡᠨ ᠤ ᠳᠦᠷᠰᠦᠯᠡᠯ ᠨᠢ ᠪᠣᠳᠠᠲᠠᠢ ᠪᠥᠭᠡᠳ ᠤᠷᠠᠯᠢᠭ ᠤᠨ ᠲᠠᠯ᠎ᠠ ᠠᠴᠠ ᠨᠢ ᠰᠤᠳᠤᠯᠬᠤ ᠳᠤ ᠲᠤᠩ ᠨᠠᠷᠢᠨ ᠂ ᠤᠷᠠᠨ ᠳᠦᠷᠰᠦᠯᠡᠯ ᠲᠠᠢ ᠃       ᠥᠩᠭᠡ ᠂ ᠪᠦᠲᠦᠴᠡ ᠄ ᠴᠢᠯᠠᠭᠤ ᠨᠢ ᠲᠤᠩᠭᠠᠯᠠᠭ ᠂ ᠬᠥᠩᠭᠡᠨ ᠂ ᠡᠷᠲᠡᠨ ᠤ ᠭᠤᠶᠣᠯᠠᠯ ᠴᠢᠮᠡᠭᠯᠡᠯ ᠤᠨ ︽ᠲᠤᠯᠤᠭᠠᠨ ᠡᠷᠳᠡᠨᠢ ︾ ᠤᠨ ᠨᠢᠭᠡ ᠪᠣᠯᠬᠤ ᠮᠠᠨᠤ ᠴᠢᠯᠠᠭᠤ ᠲᠠᠢ ᠠᠳᠠᠯᠢ ᠤᠯᠠᠭᠠᠨ ᠂ ᠠᠯᠲᠠᠯᠢᠭ ᠥᠩᠭᠡ ᠲᠠᠢ ᠂ ᠲᠠᠩᠰᠤᠭ ᠦᠵᠡᠮᠵᠢᠲᠡᠢ ᠃       ᠳᠦᠷᠰᠦᠯᠡᠯ ᠤᠨ ᠨᠥᠯᠥᠭᠡ ᠄ ᠭᠠᠶᠢᠬᠠᠯᠲᠠᠢ ᠳᠦᠷᠰᠦᠯᠡᠯ ᠲᠠᠢ ᠃       ᠰᠣᠶᠣᠯ ᠤᠨ ᠠᠴᠢ ᠬᠤᠯᠪᠣᠭᠳᠠᠯ ᠄ ᠵᠢᠭᠠᠰᠤ ᠨᠢ ᠳᠤᠮᠳᠠᠳᠤ ᠶᠢᠨ ᠡᠷᠲᠡᠨ ᠤ ᠰᠣᠶᠣᠯ ᠳᠤ ᠰᠢᠲᠦᠯᠭᠡ ᠲᠣᠲ᠋ᠧᠮ ᠪᠥᠭᠡᠳ ︽ᠴᠢᠰᠤᠨ ᠰᠥᠰᠥ ᠲᠠᠢ ᠵᠢᠭᠠᠰᠤ ︾ ᠨᠢ ᠣᠨᠴᠠᠭᠠᠢ ᠬᠤᠪᠣᠷ ᠲᠤᠯᠠ ᠠᠷᠢᠭᠤᠨ ᠳᠡᠭᠡᠳᠦ ᠪᠡᠯᠭᠡᠳᠡᠯ ᠪᠣᠯᠵᠤ ᠢᠷᠡᠭᠰᠡᠨ ᠃       ᠬᠤᠪᠤᠷ ᠪᠠᠶᠢᠳᠠᠯ ᠄ ᠡᠨᠡ ᠬᠦ ᠴᠢᠯᠠᠭᠤ ᠨᠢ ᠳᠣᠲᠣᠷ᠎ᠠ ᠪᠠᠨ ᠤᠯᠠᠭᠠᠨ ᠰᠥᠰᠥ ᠲᠠᠢ ᠂ ᠪᠣᠳᠠᠲᠤ ᠮᠡᠲᠦ ᠬᠠᠷᠠᠭᠳᠠᠬᠤ ᠲᠤᠯᠠ ᠮᠠᠰᠢ ᠬᠤᠪᠣᠷ ᠪᠠᠶᠢᠭᠠᠯᠢ ᠶᠢᠨ ᠦᠵᠡᠭᠳᠡᠯ ᠳᠤ ᠲᠣᠭᠠᠴᠠᠭᠳᠠᠳᠠᠭ ᠃       ᠰᠤᠶᠤᠯ ᠂ ᠤᠷᠠᠯᠢᠭ ᠤᠨ ᠠᠴᠢ ᠬᠤᠯᠪᠣᠭᠳᠠᠯ ᠄        ᠡᠨᠡ ᠬᠦ ᠴᠢᠯᠠᠭᠤ ᠨᠢ ᠪᠠᠶᠢᠭᠠᠯᠢ ᠡᠬᠡ ᠶᠢᠨ ᠬᠤᠣᠰ ᠦᠭᠡᠢ ᠤᠷᠠᠨ ᠪᠦᠲᠦᠭᠡᠯ ᠪᠥᠭᠡᠳ ᠬᠥᠮᠥᠰ ᠤᠨ ᠲᠥᠰᠥᠭᠡᠯᠡᠯ ᠢ ᠭᠠᠷᠭᠠᠵᠤ ᠂ ᠣᠯᠠᠨ ᠵᠠᠭᠤᠨ ᠵᠢᠯ ᠤᠨ ᠲᠤᠷᠰᠢ ᠰᠢᠲᠦᠭᠳᠡᠵᠦ ᠢᠷᠡᠭᠰᠡᠨ ᠃ ᠮᠠᠨᠤ ᠴᠢᠯᠠᠭᠤ ᠨᠢ ᠭᠤᠶᠣᠮᠰᠤᠭ ᠂ ᠪᠠᠶᠠᠯᠢᠭ ᠲᠡᠦᠬᠡ ᠲᠠᠢ ᠪᠥᠭᠡᠳ ᠡᠷᠲᠡᠨ ᠤ ᠬᠥᠮᠥᠰ ᠤᠨ ᠬᠤᠪᠢ ᠳᠤ ᠭᠤᠶᠣᠯᠠᠯ ᠴᠢᠮᠡᠭᠯᠡᠯ ᠂ ᠬᠠᠮᠠᠭᠠᠯᠠᠯᠲᠠ ᠪᠣᠯᠭᠠᠨ ᠠᠰᠢᠭᠯᠠᠭᠳᠠᠵᠤ ᠢᠷᠡᠭᠰᠡᠨ ᠲᠡᠦᠬᠡ ᠲᠠᠢ ᠃
 
ᠢᠷᠡᠯᠲᠡ᠄ ᠠᠯᠠᠱᠠ ᠵᠡᠭᠦᠨ ᠬᠤᠰᠢᠭᠤᠨ ᠤ ᠵᠠᠰᠠᠭ ᠤᠨ ᠣᠷᠳᠣᠨ ᠤ ᠮᠣᠩᠭᠤᠯ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号